ᠤᠷᠤᠰᠢᠯ
ᠨᠡᠶᠢᠲᠡᠯᠡᠭᠰᠡᠨ ᠴᠠᠭ᠄
2010/10/1
        ᠤᠷᠤᠰᠢᠯ        ᠴᠠᠭᠠᠨ ᠬᠡᠬᠡᠨ᠂ ᠰᠦᠨᠢᠳ ᠵᠡᠬᠦᠨ ᠬᠤᠰᠢᠭᠤᠨ ᠤ ᠬᠦᠮᠦᠨ᠂ ᠮᠣᠩᠭᠤᠯ ᠦᠨᠳᠣᠰᠣᠳᠠᠨ᠂ ᠴᠠᠭᠠᠨ ᠣᠪᠣᠭ᠎ᠠ ᠰᠦᠮ᠎ᠠ ᠶᠢᠨ ᠳᠠᠪᠣᠳᠣᠭᠠᠷ ᠳᠦᠷᠢ ᠶᠢᠨ ᠬᠡᠬᠡᠨ᠂ ᠣᠣᠯ ᠨᠠᠷ᠎ᠠ ᠴᠠᠳᠠᠨᠳᠣᠷᠵᠢᠫᠠᠯᠠᠮᠣ᠂ ᠨᠣᠮ ᠤᠨ ᠨᠡᠷ᠎ᠠ ᠵᠠᠮᠢᠶᠡᠯᠢᠭᠰᠢᠳᠵᠠᠮᠰᠣ᠂ ᠳᠡᠷᠨ ᠪᠣᠯ ᠳᠣᠮᠳᠠᠳᠣ ᠣᠯᠣᠰ ᠤᠨ ᠣᠷᠴᠢᠨ ᠦᠶ᠎ᠡ ᠶᠢᠨ ᠳᠡᠤᠬᠡᠨ ᠳᠠᠬᠢ ᠨᠢᠬᠡᠨ ᠣᠯᠣᠰ ᠢᠶᠠᠨ ᠬᠠᠶᠢᠷᠠᠯᠠᠭᠴᠢ ᠵᠢᠳᠬᠦᠯᠳᠡᠨ᠂ ᠠᠷᠠᠳᠴᠢᠯᠠᠭᠰᠠᠠ ᠦᠵᠡᠯ ᠤᠨ ᠱᠠᠰᠢᠨ ᠤ ᠳᠡᠭᠡᠳᠣ ᠳᠠᠪᠬᠤᠷᠭᠠᠳᠠᠨ᠃       ᠴᠠᠭᠠᠨ ᠬᠡᠬᠡᠨ 1887 ᠣᠨ ᠤ 10 ᠰᠠᠷ᠎ᠠ ᠶᠢᠨ 24᠎ ᠤ ᠡᠳᠣᠷ ᠣᠳᠣ ᠶᠢᠨ ᠴᠠᠭᠠᠬᠤᠪᠣᠭ᠎ᠠ ᠪᠠᠯᠭᠠᠰᠣᠨ ᠤ ᠪᠠᠶᠠᠨᠬᠤᠩᠭᠤᠷ ᠭᠠᠴᠠᠭᠠᠨ ᠳᠠᠬᠢ ᠡᠬᠡᠯ ᠵᠢᠷ ᠤᠨ ᠮᠠᠯᠴᠢᠨ ᠤ ᠬᠡᠷ ᠲᠤ ᠳᠦᠷᠦᠵᠦ᠂ ᠳᠠᠪᠣᠨ ᠨᠠᠰᠤᠳᠠᠢ ᠳᠠᠭᠠᠨ ᠴᠠᠭᠠᠨ ᠣᠪᠣᠭ᠎ᠠ ᠰᠦᠮ᠎ᠠ ᠶᠢᠨ ᠳᠦᠷᠪᠡᠳᠦᠬᠡᠷ ᠳᠦᠷᠢ ᠶᠢᠨ ᠬᠡᠬᠡᠨ ᠤ ᠬᠤᠪᠢᠯᠭᠠᠨ ᠢᠶᠠᠷ ᠳᠣᠰ ᠰᠦᠮ᠎ᠠ ᠳᠤ ᠵᠠᠯᠠᠭᠳᠠᠪᠠ᠃ ᠳᠠᠷᠨ ᠣᠢ ᠣᠬᠠᠭᠠᠨ ᠰᠠᠴᠠᠨ ᠰᠡᠷᠬᠦᠯᠡᠩ᠂ ᠪᠢᠴᠢᠭ ᠨᠣᠮ ᠢᠶᠠᠨ ᠰᠢᠮᠳᠠᠨ ᠰᠣᠷᠣᠯᠴᠠᠳᠠᠭ᠂ ᠣᠯᠠᠨ ᠠᠴᠠ ᠳᠠᠪᠠᠭᠰᠠᠠ ᠴᠡᠬᠡᠵᠢᠯᠡᠬᠦ ᠴᠢᠳᠠᠪᠣᠷᠢ ᠲᠠᠢ ᠮᠦᠷᠳᠡᠬᠡᠨ ᠰᠢᠨ᠎ᠠ ᠰᠡᠪᠠᠬᠦᠨ ᠶᠠᠭᠤᠮ᠎ᠠ ᠶᠢ ᠰᠡᠳᠬᠢᠨ ᠪᠣᠳᠣᠬᠤ ᠳᠣᠷᠠᠳᠠᠢ᠂ ᠮᠣᠩᠭᠤᠯ ᠳᠦᠪᠡᠳ ᠬᠤᠶᠠᠷ ᠵᠦᠢᠯ ᠤᠨ ᠦᠰᠦᠭ ᠪᠢᠴᠢᠭ ᠲᠤ ᠨᠡᠪᠳᠡᠷᠡᠭᠰᠡᠡ ᠪᠦᠬᠡᠳ ᠮᠣᠩᠭᠤᠯ ᠬᠢᠳᠠᠳ ᠵᠡᠷᠬᠡ ᠳᠠᠪᠣᠨ ᠵᠦᠢᠯ ᠤᠨ ᠦᠬᠡ ᠬᠡᠯᠨ ᠶᠢ ᠳᠡᠭᠰᠢ ᠬᠡᠷᠡᠭᠯᠡᠵᠦ ᠴᠢᠳᠠᠳᠠᠭ᠂ ᠨᠠᠰᠣᠨ ᠲᠤᠷᠰᠢᠳᠠ ᠳᠠᠭᠠᠨ ᠱᠠᠰᠢᠨ ᠤ ᠨᠣᠮ ᠢ ᠰᠣᠳᠣᠯᠣᠨ ᠲᠡᠯᠭᠡᠷᠡᠬᠦᠯᠵᠦ᠂ ᠱᠠᠰᠢᠨ ᠤ ᠣᠬᠠᠭᠠᠨ ᠤ ᠨᠡᠷ᠎ᠡ ᠴᠤᠤᠳᠤ ᠡᠷᠳᠡᠮᠳᠠᠨ ᠪᠠᠭᠰᠢ ᠪᠤᠯᠤᠭᠰᠠᠨ ᠪᠠᠶᠢᠨ᠎ᠠ᠃ ᠳᠡᠬᠦᠨ ᠤ ᠴᠢᠷᠮᠠᠶᠢᠯᠠᠭ᠎ᠠ ᠳᠣᠣᠷ᠎ᠠ᠂ ᠴᠠᠭᠠᠨ ᠣᠪᠣᠭ᠎ᠠ ᠰᠦᠮ᠎ᠠ ᠨᠢ ᠣᠷᠢᠳ ᠬᠤᠵᠢᠳ ᠬᠡᠳᠣᠨ ᠣᠳᠠᠭᠠᠨ ᠤ ᠰᠡᠯᠪᠢᠨ ᠵᠠᠰᠠᠯᠳᠠ ᠪᠠᠷ ᠳᠡᠮᠵᠢᠨ᠂ ᠠᠷᠪᠠᠨ ᠨᠢᠬᠡᠨ ᠳᠣᠭᠠᠩ᠂ ᠳᠦᠷᠪᠡᠨ ᠲᠠᠴᠠᠩ᠂ ᠠᠷᠪᠠᠨ ᠬᠤᠶᠠᠷ ᠬᠠᠷᠢᠶᠠᠳᠣ ᠬᠤᠷᠠᠯ ᠲᠠᠢ ᠳᠣᠮᠣ ᠬᠡᠶᠢᠳ ᠪᠣᠯᠣᠭᠰᠠᠠ ᠪᠦᠬᠡᠳ ᠮᠢᠩᠭ᠎ᠠ ᠭᠠᠷᠣᠢ ᠯᠠᠮᠠ ᠎ ᠲᠠᠢ᠂ ᠳᠦᠷᠪᠡᠨ ᠴᠠᠭ ᠤᠨ ᠬᠤᠷᠠᠯ ᠨᠣᠮ ᠳᠠᠰᠣᠯᠣᠭᠳᠠᠬᠤ ᠦᠬᠡᠢ᠂ ᠳᠦᠷᠪᠡᠨ ᠵᠦᠭ ᠨᠡᠢᠮᠠᠨ ᠵᠣᠪᠬᠢᠰ ᠤᠨ ᠡᠷᠬᠦᠯᠴᠢᠨ ᠮᠦᠷᠬᠦᠯᠴᠢᠳ ᠦᠷᠬᠦᠯᠵᠢ ᠴᠣᠭᠯᠠᠷᠠᠭᠰᠠᠠ᠂ ᠮᠣᠩᠭᠤᠯ ᠤᠨ ᠦᠨᠳᠦᠷᠯᠢᠭ ᠲᠠᠬᠢ ᠨᠠᠷ᠎ᠠ ᠠᠯᠳᠠᠷᠰᠢᠭᠰᠠᠠ ᠬᠡᠶᠢᠳ ᠪᠣᠯᠣᠭᠰᠠᠠ ᠪᠠᠶᠢᠨ᠎ᠠ᠃ ᠳᠠᠷᠨ ᠪᠦᠬᠦ ᠰᠡᠳᠬᠢᠯ ᠢᠶᠠᠨ ᠱᠠᠰᠢᠨ ᠤ ᠠᠵᠢᠯᠯᠠᠭ᠎ᠠ ᠳᠤ ᠵᠣᠷᠢᠭᠤᠯᠵᠦ᠂ ᠣᠷᠢᠳ ᠬᠤᠵᠢᠳ ᠪᠡᠬᠡᠵᠢᠩ᠂ ᠳᠦᠪᠡᠳ᠂ ᠬᠦᠬᠡᠨᠠᠭᠤᠷ᠂ ᠮᠦᠭᠳᠡᠨ᠂ ᠨᠡᠨᠵᠢᠩ ᠵᠡᠷᠬᠡ ᠭᠠᠵᠠᠷ ᠢᠶᠠᠷ ᠳᠣᠭᠤᠷᠢᠨ ᠶᠠᠪᠤᠵᠦ ᠨᠣᠮ ᠪᠢᠰᠢᠯᠭᠠᠵᠦ ᠪᠠᠶᠢᠭᠰᠠᠠ ᠢᠶᠠᠷ ᠪᠠᠷᠠᠬᠤ ᠦᠬᠡᠢ ᠴᠢᠨᠠᠭᠰᠢᠯᠠᠨ ᠶᠠᠫᠤᠨ᠂ ᠰᠣᠯᠣᠩᠭᠤᠰ᠂ ᠡᠨᠡᠳᠬᠡᠩ᠂ ᠨᠧᠫᠡᠯ᠂ ᠮᠣᠩᠭᠤᠯ ᠵᠡᠷᠬᠡ ᠣᠯᠠᠨ ᠣᠯᠣᠰ ᠢᠶᠠᠷ ᠠᠶᠢᠯᠴᠢᠯᠠᠨ ᠬᠦᠷᠴᠦ ᠱᠠᠰᠢᠨ ᠤ ᠦᠢᠯᠡ ᠠᠵᠢᠯᠯᠠᠭ᠎ᠠ ᠶᠢ ᠦᠷᠨᠢᠬᠦᠯᠵᠦ᠂ ᠳᠠᠷᠨ ᠦᠶ᠎ᠡ ᠶᠢᠨ ᠨᠠᠷ᠎ᠠ ᠬᠦᠨᠳᠣᠳᠣ ᠱᠠᠰᠢᠨ ᠤ ᠶᠡᠭᠡ ᠪᠠᠭᠰᠢ ᠳᠠᠯᠠᠢ᠂ ᠪᠠᠨᠴᠢᠨ ᠨᠠᠷ ᠲᠠᠢ ᠵᠣᠵᠠᠭᠠᠨ ᠬᠠᠷᠢᠯᠴᠠᠭ᠎ᠠ ᠪᠠᠶᠢᠭᠤᠯᠵᠦ᠂ ᠪᠤᠳ᠋ᠳ᠋ᠾᠠ ᠶᠢᠨ ᠱᠠᠰᠢᠨ ᠤ ᠣᠯᠣᠰ ᠤᠨ ᠳᠣᠳᠣᠭᠠᠳᠣ ᠳᠠᠬᠢ ᠪᠠ ᠬᠦᠷᠰᠢ ᠵᠡᠷᠬᠡᠯᠡᠳᠡᠭᠡ ᠣᠯᠣᠰ ᠬᠦᠷᠦᠨ ᠳᠠᠬᠢ ᠨᠦᠯᠦᠬᠡ ᠪᠠᠨ ᠣᠯᠠᠮ ᠨᠢᠬᠡ ᠠᠯᠬᠤᠮ ᠦᠷᠬᠡᠳᠬᠡᠨ ᠳᠡᠯᠬᠡᠷᠡᠬᠦᠯᠪᠠ᠃ ᠳᠠᠷᠨ ᠦᠵᠡᠯ ᠰᠠᠨᠠᠭ᠎ᠠ ᠳᠡᠪᠰᠢᠩᠭᠤᠢ᠂ ᠦᠬᠡᠷᠡᠴᠢᠯᠡᠯᠳᠠ ᠰᠢᠨᠡᠴᠢᠯᠡᠯᠳᠠ ᠳᠤ ᠵᠣᠷᠢᠭᠳᠠᠢ ᠪᠠᠶᠢᠵᠦ᠂ ᠴᠠᠭᠠᠨ ᠣᠪᠣᠭ᠎ᠠ ᠰᠦᠮ᠎ᠠ ᠪᠠᠷ ᠰᠠᠭᠤᠷᠢᠯᠠᠭᠰᠠᠨ᠂ ᠠᠷᠠᠰᠣ᠂ ᠨᠣᠣᠰᠣ᠂ ᠨᠡᠬᠡᠮᠡᠯ᠂ ᠸᠠᠭᠠᠷ ᠳᠣᠭᠤᠰᠬ᠎ᠠ᠂ ᠮᠣᠳᠣ ᠴᠢᠯᠠᠭᠤ᠂ ᠬᠡᠪᠯᠡᠯ ᠵᠡᠷᠬᠡ ᠣᠯᠠᠨ ᠠᠷᠪᠢᠨ ᠵᠢᠵᠢᠭ ᠬᠡᠯᠪᠡᠷᠢ ᠶᠢᠨ ᠦᠢᠯᠡᠳᠪᠣᠷᠢ ᠶᠢ ᠪᠠᠶᠢᠭᠤᠯᠬᠤ ᠶᠢᠨ ᠬᠠᠮᠳᠣ᠂ ᠮᠣᠩᠭᠤᠯ ᠪᠢᠴᠢᠭ ᠤᠨ ᠰᠣᠷᠭᠠᠭᠤᠯᠢ᠂ ᠮᠣᠩᠭᠤᠯ ᠡᠮᠨᠡᠯᠬᠡ ᠶᠢᠨ ᠰᠣᠷᠭᠠᠭᠤᠯᠢ ᠡᠷᠬᠢᠯᠡᠬᠦ ᠪᠠᠷ ᠳᠠᠮᠵᠢᠨ᠂ ᠰᠦᠨᠢᠳ ᠵᠡᠬᠦᠨ ᠬᠤᠰᠢᠭᠤᠨ ᠤ ᠨᠡᠶᠢᠬᠡᠮ ᠤᠨ ᠬᠦᠭᠵᠢᠯᠳᠠ ᠳᠠᠪᠰᠢᠯᠳᠠ ᠶᠢ ᠶᠡᠬᠡᠪᠡᠷ ᠳᠦᠯᠬᠢᠨ ᠠᠬᠢᠭᠤᠯᠣᠭᠰᠠᠠ ᠪᠠᠶᠢᠨ᠎ᠠ᠃ ᠳᠠᠷᠨ ᠱᠠᠰᠢᠨ ᠰᠣᠷᠳᠠᠬᠤᠨ ᠢ ᠶᠡᠬᠡᠪᠡᠷ ᠳᠡᠯᠬᠡᠷᠡᠬᠦᠯᠵᠦ᠂ ᠠᠮᠢᠳᠠᠨ ᠵᠢᠷᠭᠤᠭᠠᠨ ᠵᠦᠢᠯ ᠢ ᠳᠣᠰᠠᠯᠠᠨ᠂ ᠡᠪᠡᠳᠴᠢᠨ ᠵᠣᠪᠠᠯᠠᠩ ᠭᠠᠢ ᠭᠠᠮᠰᠢᠭ ᠠᠴᠠ ᠠᠪᠣᠷᠠᠨ ᠳᠣᠰᠠᠯᠠᠵᠦ᠂ ᠨᠡᠶᠢᠳᠠ ᠳᠦᠮᠡᠨ ᠳᠤ ᠪᠠᠨ ᠪᠣᠶᠠᠨ ᠦᠢᠯᠡᠳᠴᠣ ᠶᠠᠪᠣᠳᠠᠭ ᠪᠠᠶᠢᠭᠰᠠᠠ᠃ ᠣᠨᠴᠠᠭᠠᠶᠢᠯᠠᠨ ᠳᠠᠷᠨ ᠬᠤᠪᠢ ᠪᠡᠶ᠎ᠡ ᠶᠢᠨ ᠠᠶᠤᠯ ᠳᠦᠭᠰᠢᠬᠦᠷᠢ ᠶᠢ ᠬᠠᠶᠢᠬᠤᠷᠣᠯ ᠦᠬᠡᠢ ᠪᠠᠷ ᠶᠠᠫᠤᠨ ᠢ ᠡᠰᠡᠷᠬᠦᠴᠡᠵᠦ ᠦᠨᠳᠦᠰᠦᠳᠡᠨ ᠢᠶᠠᠨ ᠠᠪᠤᠷᠠᠬᠤ ᠲᠡᠮᠡᠴᠡᠯ ᠢ ᠴᠢᠷᠮᠠᠶᠢᠨ ᠲᠡᠮᠵᠢᠵᠦ᠂ ᠦᠪᠣᠷ ᠮᠣᠩᠭᠤᠯ ᠤᠨ ᠴᠢᠯᠣᠬᠡᠯᠡᠬᠦ ᠴᠡᠷᠢᠭ ᠤᠨ ᠮᠣᠷᠢᠳᠣ ᠴᠡᠷᠢᠭ ᠤᠨ ᠠᠩᠬᠢ ᠪᠠᠶᠢᠭᠤᠯᠬᠤ ᠳᠤ ᠶᠡᠭᠡ ᠬᠡᠮᠵᠢᠶᠡᠨ ᠤ ᠳᠡᠮᠵᠢᠯᠬᠡ ᠦᠵᠡᠬᠦᠯᠵᠦ᠂ ᠠᠷᠠᠳ ᠤᠨ ᠴᠢᠯᠣᠬᠡᠯᠡᠬᠦ ᠳᠠᠶᠢᠨ ᠳᠤ ᠴᠢᠬᠤᠯᠨ ᠬᠤᠪᠢ ᠨᠡᠮᠡᠷᠢ ᠦᠵᠡᠬᠦᠯᠦᠭᠰᠡᠡ ᠪᠠᠶᠢᠨ᠎ᠠ᠃ ᠳᠠᠷᠨ ᠳᠣᠮᠳᠠᠳᠣ ᠣᠯᠣᠰ ᠤ ᠡᠪ ᠬᠠᠮᠳᠣ ᠨᠠᠮ ᠤᠨ ᠣᠳᠣᠷᠢᠳᠣᠯᠭ᠎ᠠ ᠳᠣᠣᠷ᠎ᠠ ᠬᠤᠷᠯᠳᠣᠭᠤᠯᠣᠭᠰᠠᠠ ᠣᠯᠣᠰ ᠳᠦᠷᠦ ᠶᠢᠨ ᠵᠦᠪᠯᠡᠯᠬᠡᠨ ᠤ ᠠᠩᠬᠠᠳᠣᠭᠠᠷ ᠬᠤᠭᠤᠴᠠᠭᠠᠨ ᠤ ᠬᠤᠷᠯᠳᠣᠭᠠᠨ ᠪᠤᠯᠤᠨ ᠣᠯᠣᠰ ᠪᠠᠶᠢᠭᠤᠯᠣᠭᠳᠠᠬᠤ ᠦᠪᠳᠡᠭᠰᠢ ᠶᠡᠭᠡ ᠶᠣᠰᠣᠯᠠᠯ ᠳᠤ ᠣᠷᠣᠯᠴᠠᠨ᠂ ᠪᠦᠬᠦ ᠣᠯᠣᠰ ᠤ ᠦᠨᠳᠣᠰᠣᠳᠠᠨ ᠱᠠᠰᠢᠨ ᠰᠤᠷᠳᠠᠬᠤᠨ ᠤ ᠬᠢᠨ ᠳᠦᠯᠦᠬᠡᠯᠡᠭᠴᠢ ᠪᠠᠷ ᠣᠯᠣᠰ ᠪᠠᠶᠢᠭᠤᠯᠬᠤ ᠦᠢᠯᠡᠰ ᠲᠤ ᠰᠠᠨᠠᠯ ᠵᠦᠪᠯᠡᠯᠬᠡ ᠳᠡᠪᠰᠢᠬᠦᠯᠵᠦ ᠪᠠᠶᠢᠪᠠ᠃ ᠣᠯᠣᠰ ᠪᠠᠶᠢᠭᠤᠯᠣᠭᠳᠠᠭᠰᠠᠠ ᠤ ᠳᠠᠷᠠᠭ᠎ᠠ᠂ ᠳᠠᠷᠨ ᠪᠦᠬᠦ ᠰᠠᠳᠬᠢᠯ ᠢᠶᠠᠷ ᠰᠢᠨ᠎ᠠ ᠳᠣᠮᠳᠠᠳᠣ ᠣᠯᠣᠰ ᠤᠨ ᠪᠦᠳᠦᠬᠡᠨ ᠪᠠᠶᠢᠭᠤᠯᠣᠯᠳᠠ ᠶᠢᠨ ᠦᠢᠯᠡᠰ ᠲᠤ ᠣᠷᠣᠯᠴᠠᠵᠦ᠂ ᠠᠮᠧᠷᠢᠺᠠ ᠶᠢ ᠡᠰᠡᠷᠬᠦᠴᠠᠨ ᠰᠣᠯᠣᠩᠭᠤᠰ ᠢ ᠳᠣᠰᠠᠯᠠᠬᠤ ᠳᠠᠶᠢᠨ ᠢ ᠢᠳᠡᠪᠬᠢᠯᠡᠨ ᠳᠣᠰᠠᠯᠠᠨ ᠳᠡᠮᠵᠢᠵᠦ᠂ ᠠᠯᠣᠰ ᠬᠤᠯᠠ ᠶᠢᠨ ᠲᠦᠪᠠᠳ ᠤᠷᠤᠨ ᠢᠶᠠᠷ ᠬᠦᠷᠴᠣ ᠳᠡᠨᠳᠡᠬᠢ ᠶᠢᠨ ᠳᠡᠬᠡᠳᠣ ᠳᠠᠪᠬᠤᠷᠭ᠎ᠠ ᠶᠢᠨ ᠱᠠᠰᠢᠨ ᠤ ᠬᠦᠮᠦᠰ ᠲᠠᠢ ᠠᠭᠤᠯᠵᠠᠨ᠂ ᠨᠠᠶᠢᠷᠠᠮᠳᠠᠯ ᠎ ᠢᠶᠠᠷ ᠳᠦᠪᠡᠳ ᠢ ᠴᠢᠯᠦᠬᠡᠯᠡᠬᠦ ᠳᠤ ᠴᠢᠬᠤᠯᠨ ᠦᠢᠯᠡᠳᠣᠯ ᠢ ᠦᠵᠡᠬᠦᠯᠦᠭᠰᠡᠨ ᠪᠠᠶᠢᠨ᠎ᠠ᠃       ᠴᠠᠭᠠᠨ ᠬᠡᠬᠡᠨ 1957 ᠣᠨ ᠤ 4 ᠰᠠᠷ᠎ᠠ ᠶᠢᠨ 22᠎ ᠤ ᠡᠳᠣᠷ ᠴᠠᠭᠠᠨ ᠣᠪᠣᠭ᠎ᠠ ᠶᠢᠨ ᠴᠠᠷᠠᠭᠠᠳᠣ ᠬᠡᠬᠦ ᠭᠠᠵᠠᠷ ᠲᠤ ᠡᠪᠡᠳᠴᠢᠨ ᠢᠶᠠᠷ ᠳᠠᠭᠠᠯᠠᠯ ᠳᠡᠬᠦᠰᠴᠣ᠂ ᠳᠣᠬᠠᠢ ᠶᠢᠨ ᠵᠢᠯ ᠳᠤ ᠳᠠᠯᠠᠨ ᠨᠠᠰᠣᠳᠠᠢ ᠪᠠᠶᠢᠵᠠᠢ᠃ ᠲᠡᠬᠦᠨ ᠤ ᠨᠢᠬᠡ ᠨᠠᠰᠤᠨ ᠤ ᠡᠬᠦᠳᠦᠯᠳᠡ ᠪᠦᠳᠦᠬᠡᠯᠳᠡ ᠬᠢᠭᠡᠳ ᠭᠠᠪᠢᠶ᠎ᠠ ᠵᠢᠳᠬᠦᠯ ᠦᠯᠡᠮᠵᠢ᠃ ᠲᠡᠷᠡ ᠬᠠᠭᠤᠴᠢᠨ ᠲᠤᠮᠳᠠᠳᠤ ᠤᠯᠤᠰ ᠤᠨ ᠦᠶ᠎ᠡ ᠳᠤ ᠮᠤᠩᠭᠤᠯ᠂ ᠲᠦᠪᠡᠳ ᠤᠨ ᠦᠨᠳᠦᠷᠯᠢᠭ ᠲᠤ ᠠᠯᠳᠠᠷᠰᠢᠭᠰᠠᠨ ᠱᠠᠰᠢᠨ ᠤ ᠶᠡᠭᠡ ᠪᠠᠭᠰᠢ ᠪᠠᠶᠢᠭᠰᠠᠨ ᠪᠦᠬᠡᠳ ᠰᠢᠨ᠎ᠠ ᠳᠣᠮᠳᠠᠳᠣ ᠣᠯᠣᠰ ᠪᠠᠶᠢᠭᠤᠯᠣᠭᠳᠠᠭᠰᠠᠠ ᠤ ᠳᠠᠷᠠᠭ᠎ᠠ᠂ ᠪᠦᠬᠦ ᠣᠯᠣᠰ ᠤᠨ ᠪᠣᠳ᠋ᠳ᠋ᠾᠨ ᠶᠢᠨ ᠱᠠᠰᠢᠨ ᠤ ᠨᠡᠶᠢᠬᠡᠮᠯᠢᠭ ᠤᠨ ᠨᠠᠷ᠎ᠠ ᠬᠦᠨᠳᠣᠳᠣ ᠳᠡᠷᠢᠬᠦᠯᠡᠭᠴᠢ᠂ ᠦᠪᠦᠷ ᠮᠣᠩᠭᠤᠯ ᠤᠨ ᠪᠣᠳ᠋ᠳ᠋ᠾᠨ ᠶᠢᠨ ᠱᠠᠰᠢᠨ ᠤ ᠨᠡᠶᠢᠬᠡᠮᠯᠢᠭ ᠤᠨ ᠨᠡᠷ᠎ᠡ ᠬᠦᠨᠳᠣᠳᠣ ᠳᠡᠷᠢᠬᠦᠯᠡᠭᠴᠢ᠂ ᠰᠢᠯᠢ ᠶᠢᠨ ᠭᠤᠣᠯ ᠠᠶᠢᠮᠠᠭ ᠤᠨ ᠣᠯᠣᠰ ᠲᠦᠷᠦ ᠶᠢᠨ ᠵᠦᠪᠯᠡᠯᠬᠡᠨ ᠤ ᠳᠡᠳ᠋ ᠳᠡᠷᠢᠬᠦᠯᠡᠭᠴᠢ ᠪᠠᠷ ᠰᠣᠩᠭᠤᠭᠳᠠᠵᠦ᠂ ᠣᠯᠣᠰ ᠳᠠᠶᠠᠭᠠᠷ ᠲᠤ ᠨᠡᠷ᠎ᠡ ᠠᠯᠳᠠᠷᠰᠢᠭᠰᠠᠠ ᠣᠯᠣᠰ ᠢᠶᠠᠨ ᠬᠠᠶᠢᠷᠠᠯᠠᠭᠴᠢ ᠱᠠᠰᠢᠨ ᠰᠤᠷᠳᠠᠬᠤᠨ ᠤ ᠤᠳᠤᠷᠢᠳᠤᠭᠴᠢ ᠪᠤᠯᠵᠦ᠂ ᠠᠯᠳᠠᠷ ᠨᠠᠷ᠎ᠠ᠂ ᠠᠴᠢ ᠭᠠᠪᠢᠶ᠎ᠠ ᠨᠢ ᠳᠡᠣᠬᠡ ᠶᠢᠨ ᠬᠠᠭᠤᠳᠠᠰᠣᠨ ᠳᠤ ᠦᠨᠢ ᠮᠦᠩᠬᠡ ᠳᠡᠮᠳᠡᠭᠯᠡᠭᠳᠡᠵᠦ ᠢᠷᠡᠭᠰᠡᠡ ᠪᠠᠶᠢᠨ᠎ᠠ᠃       ︵1︶ ᠬᠤᠪᠢᠯᠭᠠᠨ ᠬᠦᠪᠡᠬᠦᠨ ᠬᠤᠷᠸ᠎ᠠ ᠳᠤ ᠮᠡᠨᠳᠦᠯᠡᠭᠰᠡᠨ — ᠮᠠᠯᠴᠢᠨ ᠠᠶᠢᠯ ᠳᠤ ᠲᠤᠳᠤᠷᠠᠭᠰᠠᠨ ᠬᠤᠪᠢᠯᠭᠠᠨ ᠬᠡᠬᠡᠨᠳᠡᠨ       ᠴᠠᠭᠠᠨ ᠬᠡᠬᠡᠨ ᠪᠣᠯ ᠰᠦᠨᠢᠳ ᠵᠡᠬᠦᠨ ᠬᠤᠰᠢᠭᠤᠨ ᠤ ᠬᠦᠮᠦᠨ᠂ ᠴᠢᠩ ᠤᠨ ᠳᠦᠷᠦ ᠬᠡᠷᠡᠯᠳᠣ ᠶᠢᠨ ᠠᠷᠪᠠᠨ ᠭᠤᠷᠪᠠᠳᠤᠭᠠᠷ ᠤᠨ ︵1887 ᠣᠨ︶᠎ ᠳᠤ ᠦᠶ᠎ᠡ ᠤᠯᠠᠷᠢᠭᠰᠠᠨ ᠵᠢᠷ ᠤᠨ ᠮᠠᠯᠴᠢᠨ ᠭᠧᠨᠳᠣᠨ᠂ ᠨᠠᠮᠪᠠᠷᠠᠢ ᠶᠢᠨ ᠬᠤᠶᠠᠳᠣᠭᠠᠷ ᠬᠦᠪᠡᠬᠦᠨ ᠪᠣᠯᠣᠨ ᠵᠠᠶᠠᠭᠠᠵᠠᠢ᠃ ᠳᠠᠷᠨ ᠠᠬ᠎ᠠ ᠳᠡᠬᠦᠤ ᠭᠤᠷᠪᠠᠭᠤᠯᠨ ᠪᠠᠶᠢᠵᠦ᠂ 1891 ᠣᠨ ᠳᠤ ᠳᠠᠪᠣᠨ ᠨᠠᠰᠣᠳᠠᠢ ᠳᠠᠭᠠᠨ ᠴᠠᠭᠠᠨ ᠣᠪᠣᠭ᠎ᠠ ᠰᠦᠮ᠎ᠠ ᠶᠢᠨ ᠳᠠᠪᠣᠳᠣᠭᠠᠷ ᠳᠦᠷᠢ ᠶᠢᠨ ᠬᠡᠬᠡᠨ ᠢᠶᠠᠷ ᠳᠣᠳᠣᠯᠠᠭᠳᠠᠵᠦ ᠳᠣᠰ ᠰᠦᠮ᠎ᠠ ᠳᠤ ᠵᠠᠯᠠᠭᠳᠠᠪᠠ᠃ ᠴᠠᠭᠠᠨ ᠣᠪᠣᠭ᠎ᠠ ᠰᠦᠮ᠎ᠠ ᠨᠢ ᠴᠢᠩ ᠤᠨ ᠡᠩᠬᠡ ᠠᠮᠣᠭᠤᠯᠠᠩ ᠤᠨ ᠬᠤᠷᠢᠨ ᠲᠤᠯᠤᠳᠤᠭᠠᠷ ᠣᠨ ︵1688 ᠣᠨ︶᠎ ᠳᠤ ᠠᠩᠬ᠎ᠠ ᠪᠠᠶᠢᠭᠤᠯᠣᠭᠳᠠᠵᠦ᠂ ᠬᠦᠷᠢᠶ᠎ᠡ ᠬᠡᠪᠴᠢᠶ᠎ᠡ ᠪᠠᠷ ᠪᠠᠭ᠎ᠠ ᠪᠠᠶᠢᠭᠰᠠᠠ ᠠᠴᠠ ᠪᠠᠨ ᠬᠤᠶᠠᠷ ᠵᠠᠭᠤ ᠭᠠᠷᠤᠢ ᠵᠢᠯ ᠤᠨ ᠲᠡᠤᠬᠡᠨ ᠬᠤᠭᠤᠴᠠᠭ᠎ᠠ ᠪᠠᠷ ᠳᠠᠮᠵᠢᠨ ᠦᠷᠬᠡᠵᠢᠨ ᠬᠦᠭᠵᠢᠵᠦ᠂ ᠳᠠᠪᠣᠳᠣᠭᠠᠷ ᠳᠦᠷᠢ ᠶᠢᠨ ᠬᠡᠬᠡᠨ ᠤ ᠦᠶ᠎ᠡ ᠪᠣᠯᠬᠤ ᠳᠤ ᠨᠢᠬᠡᠨᠳᠠ ᠭᠤᠪᠢ ᠶᠢᠨ ᠡᠮᠦᠨᠡᠬᠢ ᠳᠣᠮᠣ ᠬᠡᠶᠢᠳ ᠪᠣᠯᠣᠭᠰᠠᠠ ᠪᠠᠶᠢᠨ᠎ᠠ᠃       ︵2︶ ᠱᠠᠰᠢᠨ ᠨᠤᠮ ᠳᠤ ᠴᠠᠭᠠᠷᠠᠭᠰᠠᠨ ᠵᠠᠯᠠᠭᠤ ᠪᠠᠭᠰᠢᠳᠠᠨ — ᠪᠤᠷᠬᠠᠨ ᠤ ᠰᠤᠷᠭᠠᠯ ᠢ ᠰᠢᠷᠭᠠᠭᠤ ᠰᠤᠷᠤᠯᠴᠠᠨ ᠲᠡᠯᠭᠡᠷᠡᠭᠦᠯᠦᠭᠴᠢ       ᠴᠠᠭᠠᠨ ᠬᠡᠬᠡᠨ ᠳᠦᠷᠦᠯᠬᠢ ᠰᠠᠴᠠᠨ ᠰᠠᠷᠬᠦᠯᠡᠩ᠂ ᠰᠣᠷᠬᠤ ᠳᠤ ᠪᠠᠭ᠋ᠠᠳᠠᠢ ᠪᠠᠶᠢᠵᠦ᠂ ᠪᠠᠭ᠎ᠠ ᠨᠠᠰᠣᠨ ᠠᠴᠠ ᠪᠠᠨ ᠨᠠᠷᠠᠳᠣ ᠪᠠᠭᠰᠢ ᠳᠤ ᠱᠠᠪᠢᠯᠠᠵᠦ᠂ ᠡᠷᠳᠡᠮ ᠨᠣᠮ ᠰᠣᠷᠴᠣ᠂ ᠰᠣᠳᠣᠷ ᠪᠢᠴᠢᠭ ᠲᠤ ᠰᠢᠮᠳᠠᠨ᠂ ᠶᠢᠰᠦᠨ ᠨᠠᠰᠣᠳᠠᠢ ᠳᠠᠭᠠᠨ ᠠᠷᠪᠠᠨ ᠭᠤᠷᠪᠠᠳᠣᠭᠠᠷ ᠳᠦᠷᠢ ᠶᠢᠨ ᠳᠠᠯᠠᠢ ᠪᠤᠭᠳᠠ ᠠᠴᠠ ︽ᠬᠠᠮᠪᠤ︾ ᠴᠣᠯᠨ ᠬᠦᠷᠳᠡᠪᠠ ᠃ ᠴᠠᠭᠠᠨ ᠬᠡᠬᠡᠨ ᠪᠠᠰᠠ ᠳᠦᠪᠡᠳ᠂ ᠬᠦᠬᠡᠨᠡᠭᠤᠷ᠂ ᠪᠡᠬᠡᠵᠢᠩ ᠵᠠᠷᠬᠡ ᠣᠯᠠᠨ ᠭᠠᠵᠠᠷ ᠤᠨ ᠨᠠᠷᠠᠳᠣ ᠰᠦᠮ᠎ᠠ ᠪᠠᠷ ᠮᠦᠷᠬᠦᠯ ᠪᠢᠰᠢᠯᠭᠠᠯ ᠬᠢᠵᠦ᠂ ᠰᠢᠷᠭᠠᠭᠤ ᠬᠠᠳᠠᠭᠤᠯᠵᠢᠳᠠᠢ ᠰᠤᠷᠤᠯᠴᠠᠨ᠂ ᠵᠠᠯᠠᠭᠤ ᠨᠠᠰᠣᠨ ᠳᠤ ᠪᠠᠨ ᠡᠷᠳᠡᠮ ᠶᠡᠬᠡᠳᠠᠢ ᠪᠣᠷᠬᠠᠨ ᠱᠠᠰᠢᠨ ᠤ ᠡᠷᠳᠡᠮᠳᠠᠨ ᠪᠠᠭᠰᠢ ᠪᠣᠯᠪᠠ᠃ ᠡᠬᠦᠨ ᠤ ᠵᠡᠷᠬᠡᠴᠡᠭᠡ ᠪᠠᠷ᠂ ᠴᠠᠭᠠᠨ ᠣᠪᠣᠭ᠎ᠠ ᠰᠦᠮ᠎ᠠ ᠶᠢ ᠶᠡᠬᠡᠪᠡᠷ ᠪᠦᠳᠦᠬᠡᠨ ᠪᠠᠶᠢᠭᠤᠯᠵᠦ᠂ ᠮᠢᠩᠭ᠎ᠠ ᠭᠠᠷᠤᠢ ᠯᠠᠮᠠ ᠬᠤᠸᠠᠷᠠᠭ ᠲᠠᠢ᠂ ᠡᠷᠬᠦᠯᠴᠢᠨ ᠮᠦᠷᠬᠦᠯᠴᠢᠳ ᠦᠨᠢᠷ ᠦᠳᠬᠡᠨ᠂ ᠨᠣᠮ ᠤᠨ ᠣᠩᠰᠢᠯᠭ᠎ᠠ ᠦᠷᠬᠦᠯᠵᠢᠯᠡᠭᠰᠡᠡ ᠰᠦᠷᠯᠢᠭ ᠳᠣᠮᠦ ᠬᠡᠶᠢᠳ ᠢ ᠴᠣᠭᠴᠠᠯᠠᠵᠦ᠂ ᠮᠣᠩᠭᠤᠯ ᠤᠨ ᠦᠨᠳᠦᠷᠯᠢᠭ ᠤᠨ ᠪᠣᠷᠬᠠᠨ ᠱᠠᠰᠢᠨ ᠤ ᠠᠷᠢᠭᠤᠨ ᠳᠠᠷᠬᠠᠨ ᠣᠷᠣᠨ ᠪᠤᠯᠭᠠᠭᠰᠠᠨ ᠪᠠᠶᠢᠨ᠎ᠠ᠃        ︵3︶ ᠢᠳᠡᠷ ᠨᠠᠰᠤᠨ ᠳᠠᠭᠠᠨ ᠲᠠᠶᠠᠩ ᠢ ᠰᠡᠭᠡᠭᠡᠷᠡᠭᠦᠯᠦᠭᠴᠢ — ᠠᠷᠠᠳ ᠲᠦᠮᠡᠨ ᠤ ᠴᠢᠯᠦᠭᠡᠯᠡᠯᠳᠡ ᠶᠢᠨ ᠲᠡᠮᠡᠴᠡᠯ ᠢ ᠴᠢᠷᠮᠠᠶᠢᠨ ᠳᠡᠮᠵᠢᠭᠴᠢ       ᠴᠠᠭᠠᠨ ᠭᠡᠭᠡᠨ ᠢᠳᠡᠷ ᠨᠠᠰᠤᠨ᠎ᠠ ᠮᠤᠩᠭᠤᠯ ᠲᠦᠪᠡᠳ ᠤᠨ ᠦᠨᠳᠦᠷᠯᠢᠭ ᠲᠤ ᠨᠡᠷ᠎ᠡ ᠠᠯᠳᠠᠷᠰᠢᠪᠠ᠃ ᠲᠡᠷᠡ ᠤᠯᠤᠰ ᠤᠨ ᠲᠤᠳᠤᠭᠠᠳᠤᠬᠢ ᠭᠠᠵᠠᠷ ᠤᠷᠤᠨ ᠨᠤᠭᠤᠳ ᠪᠤᠯᠤᠨ ᠬᠦᠷᠰᠢ ᠵᠡᠷᠭᠡᠯᠡᠳᠡᠭᠡ ᠤᠯᠤᠰ ᠬᠦᠷᠦᠨ ᠳᠤ ᠤᠯᠠᠨ ᠤᠳᠠᠭ᠎ᠠ ᠱᠠᠰᠢᠨ ᠤ ᠠᠵᠢᠯᠯᠠᠭ᠎ᠠ ᠦᠷᠨᠢᠭᠦᠯᠵᠦ᠂ ᠪᠠᠨᠴᠢᠨ ᠪᠤᠭᠳᠠ ᠵᠡᠷᠭᠡ ᠱᠠᠰᠢᠨ ᠤ ᠶᠡᠭᠡ ᠪᠠᠭᠰᠢ ᠨᠠᠷ ᠢ ᠴᠠᠭᠠᠨ ᠤᠪᠤᠭ᠎ᠠ ᠰᠦᠮ᠎ᠡ ᠳᠡᠭᠡᠨ ᠵᠠᠯᠠᠵᠦ᠂ ᠪᠤᠳ᠋ᠳ᠋ᠾᠠ ᠶᠢᠨ ᠱᠠᠰᠢᠨ ᠤ ᠤᠯᠤᠰ ᠤᠨ ᠲᠤᠲᠤᠭᠠᠳᠤ ᠭᠠᠳᠠᠭᠠᠲᠦ ᠳᠠᠬᠢ ᠨᠦᠯᠦᠭᠡ ᠪᠠᠨ ᠤᠯᠠᠮ ᠨᠢᠬᠡ ᠠᠯᠬᠤᠮ ᠦᠷᠭᠡᠵᠢᠭᠦᠯᠪᠠ᠃ ᠲᠡᠷᠡ ᠪᠤᠳ᠋ᠳ᠋ᠾᠠ ᠶᠢᠨ ᠱᠠᠰᠢᠨ ᠤ ᠵᠤᠷᠢᠯᠳᠠ ᠪᠠᠷ ᠲᠠᠶᠠᠩ ᠢ ᠰᠡᠭᠡᠭᠡᠷᠡᠭᠦᠯᠵᠦ᠂ ᠳᠠᠪᠰᠢᠩᠭᠤᠢ ᠦᠵᠡᠯ ᠰᠠᠨᠠᠭ᠎ᠠ᠂ ᠰᠢᠨ᠎ᠡ ᠡᠭᠦᠳᠬᠦ ᠵᠤᠷᠢᠭ ᠢᠶᠠᠷ ᠢᠶᠠᠨ ᠰᠢᠨ᠎ᠡ ᠬᠡᠯᠪᠡᠷᠢ ᠶᠢᠨ ᠠᠵᠦ ᠦᠢᠯᠡᠰ ᠢ ᠴᠢᠷᠮᠠᠶᠢᠨ ᠡᠷᠬᠢᠯᠡᠵᠦ᠂ ᠰᠦᠨᠢᠳ ᠵᠡᠬᠦᠨ ᠬᠤᠰᠢᠭᠤᠨ ᠤ ᠠᠵᠦ ᠠᠬᠤᠢ ᠨᠡᠶᠢᠭᠡᠮ ᠤᠨ ᠬᠦᠭᠵᠢᠯᠳᠡ ᠶᠢ ᠲᠦᠯᠬᠢᠨ ᠠᠬᠢᠭᠤᠯᠪᠠ᠃ ᠨᠡᠩ ᠢᠯᠠᠩᠭᠤᠶ᠎ᠠ ᠲᠡᠭᠦᠨ ᠤ ᠡᠬᠡ ᠤᠯᠤᠰ ᠢᠶᠠᠨ ᠬᠠᠶᠢᠷᠠᠯᠠᠬᠤ᠂ ᠬᠤᠯᠠ ᠶᠢᠨ ᠬᠠᠷᠠᠯᠳᠠ ᠠᠯᠤᠰ ᠤᠨ ᠪᠤᠳᠤᠯ᠂ ᠠᠶᠤᠯ ᠲᠦᠭᠰᠢᠭᠦᠷᠢ ᠶᠢ ᠬᠠᠶᠢᠬᠤᠷᠤᠯ ᠦᠬᠡᠢ ᠪᠠᠷ ᠪᠦᠬᠦ ᠬᠦᠴᠦᠨ ᠢᠶᠠᠷ ᠢᠶᠠᠨ ᠲᠤᠮᠳᠠᠳᠤ ᠤᠯᠤᠰ ᠤᠨ ᠡᠪ ᠬᠠᠮᠲᠦ ᠨᠠᠮ ᠤᠨ ᠤᠳᠤᠷᠢᠳᠤᠭᠰᠠᠨ ᠠᠷᠠᠳ ᠤᠨ ᠴᠢᠯᠦᠭᠡᠯᠡᠬᠦ ᠳᠠᠶᠢᠨ ᠢ ᠳᠡᠳᠬᠦᠨ ᠳᠡᠮᠵᠢᠭᠰᠡᠨ ᠦᠢᠯᠡ ᠶᠠᠪᠤᠳᠠᠯ ᠨᠢ ᠲᠠᠯ᠎ᠠ ᠨᠤᠲᠤᠭ ᠤᠨ ᠬᠦᠭᠵᠢᠯᠳᠡ ᠳᠤ ᠲᠦᠢᠯ ᠎ ᠤᠨ ᠴᠢᠬᠤᠯᠠ ᠦᠢᠯᠡᠳᠦᠯ ᠦᠵᠡᠭᠦᠯᠦᠭᠰᠡᠨ ᠪᠠᠶᠢᠨ᠎ᠠ᠃       ︵4︶ ᠦᠳᠡᠯᠦᠭᠡ ᠨᠠᠰᠤᠨ ᠤ ᠦᠩᠭᠡ ᠭᠡᠷᠡᠯ — ᠪᠦᠬᠦ ᠰᠡᠳᠬᠢᠯ ᠪᠦᠬᠦ ᠬᠦᠴᠦᠨ ᠎ ᠢᠶᠠᠷ ᠢᠶᠠᠨ ᠰᠢᠨ᠎ᠡ ᠳᠤᠮᠳᠠᠳᠤ ᠤᠯᠤᠰ ᠤᠨ ᠪᠦᠲᠦᠭᠡᠨ ᠪᠠᠶᠢᠭᠤᠯᠤᠯᠳᠠ ᠳᠤ ᠵᠢᠳᠭᠦᠭᠴᠢ       ᠦᠳᠡᠯᠦᠭᠡ ᠨᠠᠰᠤᠨ ᠳᠠᠬᠢ ᠴᠠᠭᠠᠨ ᠭᠡᠭᠡᠨ ᠤ ᠤᠯᠤᠰ ᠢᠶᠠᠨ ᠬᠠᠶᠢᠷᠠᠯᠠᠵᠦ ᠱᠠᠰᠢᠨ ᠢᠶᠠᠨ ᠬᠠᠶᠢᠷᠠᠯᠠᠬᠤ ᠦᠵᠡᠯ ᠤᠬᠠᠮᠰᠠᠷ ᠨᠡᠩ ᠦᠨᠳᠦᠷ ᠪᠤᠯᠪᠠ᠃ ᠲᠡᠷᠡ 1949 ᠤᠨ ᠳᠤ ᠰᠢᠨ᠎ᠡ ᠤᠯᠤᠰ ᠲᠦᠷᠦ ᠶᠢᠨ ᠵᠦᠪᠯᠡᠯᠭᠡᠨ ᠤ ᠬᠤᠷᠠᠯᠳᠤᠭᠠᠨ ᠪᠠ ᠤᠯᠤᠰ ᠪᠠᠶᠢᠭᠤᠯᠤᠭᠳᠠᠭᠰᠠᠨ ᠦᠪᠡᠳᠡᠭᠰᠢ ᠶᠤᠰᠤᠯᠠᠯ ᠳᠤ ᠤᠷᠤᠯᠴᠠᠵᠦ᠂ ᠤᠯᠤᠰ ᠪᠠᠶᠢᠭᠤᠯᠤᠭᠳᠠᠭᠰᠠᠨ ᠨᠢᠬᠡ ᠵᠢᠯ ᠤᠨ ᠤᠢ ᠳᠤ ᠪᠦᠬᠦ ᠤᠯᠤᠰ ᠤᠨ ᠦᠨᠳᠦᠰᠦᠳᠡᠨ ᠱᠠᠰᠢᠨ ᠰᠤᠷᠲᠠᠬᠤᠨ ᠤ ᠬᠢᠨ ᠢ ᠲᠦᠯᠦᠭᠡᠯᠡᠵᠦ ᠮᠠᠤ ᠲᠡᠷᠢᠭᠦᠯᠡᠭᠴᠢ ᠳᠤ ᠲᠤᠷᠭᠠᠨ ᠬᠠᠳᠠᠭ ᠬᠦᠨᠳᠦᠳᠭᠡᠨ ᠳᠡᠪᠰᠢᠭᠦᠯᠥᠭᠰᠡᠨ ᠪᠠᠶᠢᠨ᠎ᠠ᠃ ᠲᠡᠷᠡ ᠪᠦᠬᠦ ᠰᠡᠳᠬᠢᠯ ᠪᠦᠬᠦ ᠬᠦᠴᠦᠨ ᠢᠶᠠᠨ ᠰᠢᠨ᠎ᠡ ᠳᠤᠮᠳᠠᠳᠤ ᠤᠯᠤᠰ ᠤᠨ ᠪᠦᠲᠦᠭᠡᠨ ᠪᠠᠶᠢᠭᠤᠯᠤᠯᠳᠠ ᠶᠢᠨ ᠦᠢᠯᠡᠰ ᠲᠤ ᠵᠤᠷᠢᠭᠤᠯᠵᠦ᠂ ᠠᠮᠧᠷᠢᠺᠠ ᠢ ᠡᠰᠡᠷᠭᠦᠴᠡᠨ ᠰᠤᠯᠤᠩᠭᠤᠰ ᠢ ᠲᠤᠰᠠᠯᠠᠬᠤ ᠳᠠᠶᠢᠨ ᠢ ᠢᠳᠡᠪᠬᠢᠲᠠᠢ ᠳᠡᠮᠵᠢᠨ᠂ ᠲᠦᠪᠡᠳ ᠢ ᠨᠠᠶᠢᠷᠠᠮᠳᠠᠯ ᠢᠶᠠᠷ ᠴᠢᠯᠦᠭᠡᠯᠡᠬᠦ ᠳᠤ ᠴᠢᠬᠤᠯᠠ ᠬᠤᠪᠢ ᠨᠡᠮᠡᠷᠢ ᠦᠵᠡᠬᠦᠯᠪᠡ᠃ ᠲᠡᠷᠡ ᠪᠦᠬᠦ ᠤᠯᠤᠰ ᠤᠨ ᠪᠤᠳ᠋ᠳ᠋ᠾᠠ ᠎ ᠶᠢᠨ ᠱᠠᠰᠢᠨ ᠤ ᠨᠡᠶᠢᠭᠡᠮᠯᠢᠭ ᠤᠨ ᠨᠡᠷ᠎ᠡ ᠬᠦᠨᠳᠦᠳᠦ ᠲᠡᠷᠢᠭᠦᠯᠡᠭᠴᠢ ᠪᠠᠷ ᠰᠤᠩᠭᠤᠭᠳᠠᠵᠦ᠂ ᠤᠯᠤᠰ ᠢᠶᠠᠨ ᠬᠠᠶᠢᠷᠠᠯᠠᠭᠴᠢ ᠱᠠᠰᠢᠨ ᠰᠤᠷᠳᠠᠬᠤᠨ ᠤ ᠤᠳᠤᠷᠢᠳᠤᠭᠴᠢ ᠶᠢᠨ ᠬᠤᠪᠢ ᠪᠠᠷ ᠤᠯᠤᠰ ᠲᠦᠷᠦ ᠶᠢᠨ ᠲᠠᠪᠴᠠᠩ ᠳᠤ ᠨᠡᠷ᠎ᠡ ᠠᠯᠳᠠᠷ ᠢᠶᠠᠨ ᠳᠠᠭᠤᠷᠢᠰᠤᠭᠤᠯᠵᠦ᠂ ᠦᠳᠡᠯᠦᠭᠡ ᠨᠠᠰᠤᠨ ᠳᠠᠬᠢ ᠶᠠᠳᠠᠷᠠᠯ ᠵᠦᠳᠡᠷᠡᠯ ᠢᠶᠠᠨ ᠬᠠᠶᠢᠬᠤᠷᠤᠯ ᠦᠬᠡᠢ 1957 ᠤᠨ ᠳᠤ ᠳᠠᠭᠠᠯᠠᠯ ᠳᠡᠭᠦᠰᠳᠡᠯ᠎ᠡ ᠪᠠᠨ ᠡᠬᠡ ᠤᠯᠤᠰ ᠤᠨ ᠢᠶᠠᠨ ᠬᠢᠯᠢ ᠬᠢᠵᠠᠭᠠᠷ ᠢ ᠪᠠᠬᠢᠵᠢᠭᠦᠯᠦᠨ ᠬᠦᠭᠵᠢᠬᠦᠯᠬᠦ ᠳᠤ᠂ ᠦᠯᠡᠮᠵᠢ ᠭᠠᠪᠢᠶ᠎ᠠ ᠠᠤᠭ᠎ᠠ ᠵᠢᠳᠬᠦᠯ ᠢᠶᠠᠨ ᠵᠤᠷᠢᠭᠤᠯᠪᠠ᠃  
 
ᠢᠷᠡᠯᠲᠡ᠄ ᠦᠨᠳᠦᠰᠦᠳᠡᠨ ᠤ ᠬᠡᠷᠡᠭ ᠡᠷᠬᠢᠯᠡᠬᠦ ᠲᠤᠪᠴᠢᠶ᠎ᠠ ᠠᠴᠠ ᠬᠠᠩᠭᠠᠪᠠ᠃
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号