ᠮᠤᠤ ᠶᠢᠨ ᠬᠦᠭᠡᠪᠦᠷ
ᠨᠡᠶᠢᠲᠡᠯᠡᠭᠰᠡᠨ ᠴᠠᠭ᠄
2010/10/1
     
                ᠮᠤᠤ ᠶᠢᠨ ᠬᠦᠭᠡᠪᠦᠷ       ᠮᠤᠤ ᠶᠢᠨ ᠬᠦᠭᠡᠪᠦᠷ ᠪᠤᠯ ᠰᠦᠨᠢᠳ ᠵᠡᠬᠦᠨ ᠬᠤᠰᠢᠭᠤᠨ ᠤ ᠲᠠᠷᠬᠠᠨ ᠠᠭᠤᠯᠠ ᠰᠤᠮᠤᠨ ᠤ ᠪᠠᠶᠠᠨ ᠮᠠᠩᠯᠠᠢ ᠭᠠᠴᠠᠭᠠᠨ ᠤ ᠨᠤᠳᠤᠭ ᠲᠤ ᠪᠠᠶᠢᠳᠠᠭ᠃ ᠮᠤᠤ ᠶᠢᠨ ᠬᠦᠭᠡᠪᠦᠷ ᠶᠢᠨ ᠤᠪᠤᠭ᠎ᠠ — ᠲᠠᠷᠤᠢ ᠴᠢᠩᠭᠢᠰ ᠎ ᠤᠨ ᠰᠠᠩ ᠤᠨ ᠤᠪᠤᠭ᠎ᠠ ᠨᠢ ᠮᠤᠤ ᠶᠢᠨ ᠬᠦᠬᠡᠪᠦᠷᠢ ᠶᠢᠨ ᠬᠤᠳᠳᠤᠭ ᠤᠨ ᠡᠮᠦᠨᠡᠬᠡᠨ ᠲᠡᠭᠰᠢ ᠰᠠᠶᠢᠬᠠᠨ ᠲᠠᠯ᠎ᠠ ᠶᠢᠨ ᠲᠤᠮᠳᠠ ᠨᠢᠬᠡᠨ ᠵᠢᠷᠦᠬᠡᠨ ᠬᠡᠯᠪᠡᠷᠢ ᠲᠠᠢ ᠰᠢᠷᠦᠢ ᠶᠢᠨ ᠲᠤᠪᠤᠷᠴᠠᠭ ᠢ ᠬᠡᠯᠡᠳᠡᠭ᠃ ᠨᠤᠳᠤᠭ ᠤᠨ ᠬᠢᠨ ᠶᠡᠭᠡ ᠡᠷᠳᠡᠨ ᠎ ᠠᠴᠠ ︽ᠴᠢᠩᠭᠢᠰ ᠤᠨ ᠰᠠᠩ ᠤᠨ ᠤᠪᠤᠭ᠎ᠠ︾ ᠬᠡᠵᠦ ᠵᠢᠯ ᠪᠦᠷᠢ ᠶᠢᠨ ᠵᠤᠨ ᠤ ᠲᠦᠷᠪᠡᠨ ᠰᠠᠷ᠎ᠠ ᠶᠢᠨ ᠠᠷᠪᠠᠨ ᠵᠢᠷᠭᠤᠭᠠᠨ ᠳᠤ ᠲᠠᠶᠢᠵᠢ ᠢᠵᠠᠭᠤᠷᠳᠠᠨ᠂ ᠪᠦᠬᠡ ᠶᠢᠨ ᠰᠢᠳᠦᠬᠡᠳᠡᠳ ᠠᠴᠠ ᠰᠠᠩ ᠲᠠᠯᠪᠢᠵᠦ ᠲᠠᠬᠢᠳᠠᠭ ᠪᠠᠶᠢᠪᠠ᠃       ᠮᠤᠤ ᠶᠢᠨ ᠬᠦᠭᠡᠪᠦᠷ ᠶᠢᠨ ᠰᠢᠷᠦᠢ ᠶᠢᠨ ᠲᠤᠪᠤᠷᠴᠠᠭ ᠰᠢᠭ᠋ ᠤᠪᠤᠭ᠎ᠠ ᠶᠢ ᠬᠦᠮᠦᠨ ᠤ ᠬᠦᠴᠦ ᠎ ᠪᠠᠷ ᠰᠢᠷᠦᠢ ᠤᠪᠤᠭᠠᠯᠠᠵᠦ ᠪᠤᠰᠬᠠᠭᠰᠠᠨ ᠬᠡᠳᠡᠭ ᠢ ᠡᠵᠡᠨ ᠴᠢᠩᠭᠢᠰ ᠤᠨ ᠠᠯᠳᠠᠨ ᠱᠠᠷᠢᠯ ᠢ ᠵᠠᠯᠠᠵᠦ ᠶᠠᠪᠤᠬᠤ ᠳᠤ ᠡᠨᠡ ᠮᠤᠤ ᠶᠢᠨ ᠬᠦᠭᠡᠪᠦᠷᠢ ᠳᠤ ᠲᠡᠷᠬᠡ ᠨᠢ ᠰᠢᠪᠠᠷᠳᠠᠭᠰᠠᠨ ᠳᠤ ᠰᠦᠨᠢᠳ ᠤᠨ ᠬᠢᠯᠤᠬᠡᠳᠡᠢ ᠪᠠᠭᠠᠳᠤᠷ ᠰᠢᠯᠦᠭ ᠤᠩᠰᠢᠵᠦ ᠲᠡᠷᠬᠡ ᠶᠢ ᠰᠢᠪᠠᠷ ᠠᠴᠠ ᠭᠠᠷᠭᠠᠭᠰᠠᠨ ᠢ ᠲᠤᠷᠠᠰᠬᠠᠯ᠎ᠠ ᠬᠡᠳᠡᠭ ᠲᠤᠮᠤᠭ ᠲᠠᠢ᠃       ᠮᠤᠤ ᠶᠢᠨ ᠬᠦᠬᠡᠪᠦᠷᠢ ᠶᠢᠨ ᠤᠪᠤᠭᠠᠨ ᠲᠡᠭᠡᠷ᠎ᠡ ᠤᠴᠢᠭᠠᠳ ᠰᠠᠶᠢᠬᠠᠨ ᠠᠵᠢᠭᠯᠠᠪᠠᠯ ᠦᠨᠡᠬᠡᠷ ᠬᠦᠮᠦᠨ ᠤ ᠬᠦᠴᠦ ᠪᠠᠷ ᠤᠪᠤᠭᠠᠯᠠᠵᠦ ᠪᠤᠰᠬᠠᠭᠰᠠᠨ ᠰᠢᠭ ᠲᠦᠷᠦᠭᠳᠡᠯ ᠦᠭᠳᠡᠭ᠃ ᠰᠢᠷᠦᠢ ᠶᠢᠨ ᠤᠪᠤᠭᠠᠨ ᠤ ᠰᠢᠷᠦᠢ ᠪᠤᠯᠤᠨ ᠤᠤᠯ ᠭᠠᠵᠠᠷ ᠤᠨ ᠬᠦᠷᠦᠰᠦ ᠶᠢᠨ ᠦᠩᠭᠡ ᠲᠠᠢ ᠠᠳᠠᠯᠢ ᠦᠬᠡᠢ᠂ ᠰᠢᠷᠦᠢ ᠶᠢᠨ ᠤᠪᠤᠭᠠᠨ ᠤ ᠲᠡᠭᠡᠷᠡᠬᠢ ᠡᠪᠡᠰᠦ ᠤᠷᠭᠤᠮᠠᠯ ᠨᠢ ᠶᠡᠭᠡ ᠰᠡᠶᠢᠷᠡᠭ ᠲᠠᠴᠢᠷ ᠪᠠᠶᠢᠬᠤ ᠳᠤ᠂ ᠡᠷᠬᠢᠨ ᠲᠤᠭᠤᠷᠢᠨ ᠤ ᠤᠤᠯ ᠭᠠᠵᠠᠷ ᠤᠨ ᠤᠷᠭᠤᠮᠠᠯ ᠨᠢ ᠶᠡᠭᠡ ᠦᠳᠬᠡᠨ ᠰᠠᠬᠤᠯᠠᠭ ᠤᠷᠭᠤᠭᠰᠠᠨ ᠪᠠᠶᠢᠳᠠᠭ᠃ ᠡᠨᠡᠬᠦ ᠤᠪᠤᠭ᠎ᠠ ᠶᠢ ᠪᠤᠰᠬᠠᠬᠤ ᠳᠤ ᠰᠢᠷᠦᠢ ᠠᠪᠤᠭᠰᠠᠨ ᠭᠠᠵᠠᠷ ᠢ ᠬᠠᠨᠴᠤᠢ ᠶᠢᠨ ᠭᠤᠤ ᠬᠡᠳᠡᠭ ᠪᠦᠬᠡᠳ ᠤᠳᠤ ᠴᠤ ᠬᠡᠰᠡᠨ ᠦᠯᠦ ᠮᠡᠳᠡᠭᠳᠡᠮ᠎ᠡ ᠬᠤᠳᠤᠶᠢᠭᠰᠠᠨ ᠭᠠᠵᠠᠷ ᠪᠠᠶᠢᠳᠠᠭ᠃
 
ᠢᠷᠡᠯᠲᠡ᠄ ᠦᠨᠳᠦᠰᠦᠳᠡᠨ  ᠱᠠᠰᠢᠨ ᠰᠤᠷᠳᠠᠬᠤᠨ ᠤ ᠬᠡᠷᠡᠭ ᠡᠷᠬᠢᠯᠡᠬᠦ ᠲᠤᠪᠴᠢᠶ᠎ᠠ ᠠᠴᠠ ᠬᠠᠨᠭ᠍ᠭᠠᠪᠠ᠃
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号