ᠨᠦᠬᠡᠰ ᠤᠨ ᠭᠤᠤᠯ
ᠨᠡᠶᠢᠲᠡᠯᠡᠭᠰᠡᠨ ᠴᠠᠭ᠄
2010/10/1
              ᠨᠦᠬᠡᠰ ᠤᠨ ᠭᠤᠤᠯ      ᠨᠦᠬᠡᠰ ᠤᠨ ᠭᠤᠤᠯ ᠤᠨ ᠲᠤᠬᠠᠢ ᠪᠤᠭᠤᠷᠤᠯᠴᠤᠳ ᠮᠠᠨᠢ ᠢᠩᠭᠢᠵᠦ ᠲᠤᠮᠤᠭ ᠪᠤᠯᠭᠠᠨ ᠶᠠᠷᠢᠵᠦ ᠪᠠᠶᠢᠭᠰᠠᠨ ᠢ ᠰᠡᠶᠢᠷᠡᠬᠦᠯᠦᠨ ᠪᠢᠴᠢᠯ᠎ᠡ᠃      ᠡᠷᠳᠡ ᠤᠷᠢᠳ ᠤᠨ ᠴᠠᠭ ᠲᠤ ᠡᠵᠡᠨ ᠴᠢᠩᠭᠢᠰ ᠡᠮᠦᠨ᠎ᠡ ᠠᠴᠠ ᠬᠤᠶᠢᠰᠢ ᠪᠤᠴᠠᠬᠤ ᠳᠠᠭᠠᠨ᠂ ᠰᠢᠯᠤᠭᠤᠨ ᠬᠦᠬᠡ ᠬᠤᠰᠢᠭᠤᠨ ᠤ ᠵᠢᠭᠠᠰᠤᠳᠠᠢ ᠰᠤᠮᠤᠨ ᠤ ᠪᠠᠶᠠᠨᠨᠠᠭᠤᠷ ᠭᠠᠴᠠᠭᠠᠨ ᠤ ᠠᠷᠤ ᠳᠤ ᠪᠠᠶᠢᠬᠤ ᠬᠠᠷᠠᠭᠠᠨᠠᠳᠦ ᠶᠢᠨ ᠤᠪᠤᠭᠠᠨ ᠠᠷᠤ ᠠᠴᠠ ᠤᠷᠭ᠎ᠠ ᠪᠠᠨ ᠴᠢᠷᠦᠬᠡᠳ᠂ ᠤᠳᠤ ᠬᠦᠤᠷ ᠴᠠᠭᠠᠨ ᠨᠠᠭᠤᠷ ᠤᠨ ᠪᠠᠶᠢᠭ᠎ᠠ ᠤᠷᠤᠨ ᠲᠡᠭᠡᠷ᠎ᠡ ᠪᠠᠶᠢᠭᠰᠠᠨ ᠨᠢᠬᠡᠨ ᠲᠤᠩᠭᠠᠯᠠᠭ ᠤᠰᠤ ᠲᠠᠢ ᠬᠤᠳᠳᠤᠭ ᠲᠡᠭᠡᠷ᠎ᠡ ᠬᠦᠷᠴᠦ ᠬᠡᠨ᠎ᠡ᠃ ᠡᠵᠡᠨ ᠴᠢᠩᠭᠢᠰ ᠵᠤᠨ ᠤ ᠬᠠᠯᠠᠭᠤᠨ ᠳᠤ ᠠᠮᠠᠨ ᠳᠠᠭᠠᠨ ᠮᠦᠰᠦᠨ ᠰᠢᠬᠢᠷ ᠡᠮᠬᠦᠵᠦ ᠬᠤᠳᠳᠤᠭ ᠤᠨ ᠠᠮᠠᠰᠠᠷ ᠢ ᠱᠠᠭᠠᠶᠢᠵᠦ ᠦᠵᠡᠬᠡᠳ ᠄ ︽ᠡᠨᠡ ᠶᠠᠮᠠᠷ ᠰᠠᠶᠢᠬᠠᠨ ᠲᠤᠩᠭᠠᠯᠠᠭ ᠤᠰᠤ ᠪᠤᠢ︾ ᠬᠡᠵᠦ ᠬᠡᠯᠡᠳᠡᠯ᠎ᠡ ᠠᠮᠠᠨ ᠳᠠᠬᠢ ᠰᠢᠬᠢᠷ ᠢᠶᠠᠨ ᠬᠤᠳᠳᠤᠭ ᠲᠤ ᠠᠯᠳᠠᠭᠰᠠᠨ ᠬᠡᠨ᠎ᠡ᠃      ᠢᠩᠭᠢᠭᠡᠳ ᠡᠵᠡᠨ ᠴᠢᠩᠭᠢᠰ᠄ ︽ᠠᠷᠢᠭᠤᠨ ᠲᠤᠩᠭᠠᠯᠠᠭ ᠨᠠᠭᠤᠷ ᠲᠠᠢ᠂ ᠠᠮᠢᠳᠠᠨ ᠬᠦᠮᠦᠨ ᠢ ᠲᠤᠰᠠᠯᠠᠬᠤ ᠷᠠᠰᠢᠶᠠᠨ ᠪᠤᠯᠠᠭ ᠭᠠᠷᠤᠨ᠎ᠠ ᠳ᠋ᠠ︾ ᠬᠡᠵᠦ ᠬᠡᠯᠡᠬᠡᠳ ᠮᠤᠷᠳᠠᠨ ᠶᠠᠪᠤᠭᠰᠠᠨ ᠬᠡᠨ᠎ᠡ᠃ ᠢᠩᠭᠢᠭᠡᠳ ᠯᠡ ᠡᠬᠦᠨᠴᠡ ᠬᠤᠶᠢᠰᠢ ᠤᠷᠭ᠎ᠠ ᠪᠠᠨ ᠴᠢᠷᠦᠬᠡᠳ ᠤᠷᠤᠮ ᠠᠴᠠ ᠪᠤᠯᠠᠭ ᠤᠨᠳᠤᠷᠤᠨ ︽ᠬᠦᠤᠷ ᠴᠠᠭᠠᠨ ᠨᠠᠭᠤᠷ︾ ᠴᠤ ᠡᠨᠡ ᠬᠤᠳᠳᠤᠭ ᠤᠨ ᠤᠷᠤᠨ ᠲᠡᠭᠡᠷ᠎ᠡ ᠮᠡᠯᠳᠡᠭᠡᠨᠡᠨ ᠭᠠᠷᠤᠭᠰᠠᠨ ᠶᠤᠮ ᠳ᠋ᠠ ᠬᠡᠵᠦ ᠨᠤᠳᠤᠭ ᠤᠨ ᠪᠤᠭᠤᠷᠤᠯᠴᠤᠳ ᠮᠢᠨᠢ ᠲᠠᠮᠵᠢᠨ ᠶᠠᠷᠢᠭᠳᠠᠭᠰᠠᠭᠠᠷ ᠢᠷᠡᠭᠰᠡᠨ ᠨᠢ ᠡᠨᠡ ᠪᠢᠯᠡ᠃        ᠨᠦᠬᠡᠰ ᠤᠨ ᠭᠤᠤᠯ ᠪᠤᠯ ᠲᠠᠪᠰᠢᠯᠳᠠ ᠭᠠᠴᠠᠭᠠᠨ ᠤ ᠨᠤᠳᠤᠭ ᠲᠤ ᠪᠠᠶᠢᠬᠤ ᠪᠦᠬᠡᠳ ᠲᠠᠪᠰᠢᠯᠳᠠ ᠭᠠᠴᠠᠭᠠᠨ ᠤ ᠡᠮᠦᠨᠡᠬᠦᠷ ᠤᠷᠤᠰᠦᠨ ᠪᠠᠶᠢᠭ᠎ᠠ ᠶᠤᠮ᠃      ᠨᠦᠬᠡᠰ ᠤᠨ ᠮᠠᠯᠴᠢᠳ ᠠᠴᠠ ︿ᠨᠦᠬᠡᠰ ᠤᠨ ᠭᠤᠤᠯ﹀ ︿ᠬᠦᠤᠷ ᠴᠠᠭᠠᠨ ᠨᠠᠭᠤᠷ﹀᠎ ᠢ ᠪᠢᠰᠢᠷᠡᠨ ᠰᠢᠳᠦᠵᠦ ᠢᠷᠡᠭᠰᠡᠨ ᠲᠡᠤᠬᠡ ᠲᠠᠢ᠃ 
 
ᠢᠷᠡᠯᠲᠡ᠄ ᠦᠨᠳᠦᠰᠦᠳᠡᠨ  ᠱᠠᠰᠢᠨ ᠰᠤᠷᠳᠠᠬᠤᠨ ᠎ ᠤ ᠬᠡᠷᠡᠭ ᠡᠷᠬᠢᠯᠡᠬᠦ ᠲᠤᠪᠴᠢᠶ᠎ᠠ ᠠᠴᠠ ᠬᠠᠨᠭ᠍ᠭᠠᠪᠠ᠃
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号