ᠬᠢᠯᠤᠭᠡᠨ ᠪᠠᠭᠠᠳᠤᠷ
ᠨᠡᠶᠢᠲᠡᠯᠡᠭᠰᠡᠨ ᠴᠠᠭ᠄
2010/10/1
     
ᠬᠢᠯᠤᠭᠡᠨ ᠪᠠᠭᠠᠳᠤᠷ     ᠮᠤᠩᠭᠤᠯ ᠬᠠᠭᠠᠨᠳᠤ ᠤᠯᠤᠰ ‍ᠣᠨ‌ᠦᠶ᠎ᠡ ᠶᠢᠨ ᠰᠦᠨᠢᠳ ᠠᠶᠢᠮᠠᠭ ᠤᠨ ᠠᠬᠠᠯᠠᠭᠴᠢ᠂ ᠴᠢᠩᠬᠢᠰ ᠬᠠᠭᠠᠨ  ᠤ ᠨᠠᠷᠠᠳᠤ ᠵᠠᠩᠵᠤᠨ ᠤ ᠨᠢᠭᠡ᠂ ᠮᠤᠩᠭᠤᠯ ᠬᠠᠭᠠᠨᠳᠤ ᠤᠯᠤᠰ ᠢᠶᠠᠨ ᠪᠠᠶᠢᠭᠤᠯᠬᠤ ᠠᠭᠤᠤ ᠶᠡᠭᠡ ᠦᠢᠯᠡᠰ ᠲᠤ ᠬᠤᠪᠢ ᠨᠡᠮᠡᠷᠢ ᠪᠠᠨ ᠦᠵᠡᠬᠦᠯᠦᠭᠰᠡᠨ ᠪᠠᠭᠠᠳᠤᠷ᠃ 1206 ᠤᠨ ᠳᠤ ᠴᠢᠩᠬᠢᠰ ᠬᠠᠭᠠᠨ ᠪᠦᠬᠦ ᠢᠰᠡᠭᠡᠢ ᠲᠤᠭᠤᠷᠭᠠᠳᠠᠨ ᠤ ᠬᠠᠭᠠᠨ ᠪᠤᠯᠤᠭᠰᠠᠨ ᠤ ᠲᠠᠷᠠᠭ᠎ᠠ ᠤᠯᠤᠰ ᠪᠠᠶᠢᠭᠤᠯᠬᠤ ᠳᠤ ᠵᠢᠳᠬᠦᠯ ᠦᠵᠡᠬᠦᠯᠦᠭᠰᠡᠨ ᠭᠠᠪᠢᠶᠠᠳᠤ ᠢᠶᠠᠨ ᠮᠢᠩᠭ᠎ᠠ ᠮᠢᠩᠭᠠᠯᠠᠵᠤ᠂ ᠮᠢᠩᠭᠠᠨ ᠤ ᠨᠤᠶᠠᠨ ᠡᠷᠬᠦᠮᠵᠢᠯᠡᠬᠦ ᠳᠡᠭᠡᠨ ᠬᠢᠯᠦᠭᠡᠨ ᠪᠠᠭᠠᠳᠤᠷ ᠢ ᠲᠠᠪᠤᠳᠤᠭᠠᠷ ᠲᠤ ᠲᠤᠷᠠᠳᠤᠵᠤ ᠡᠷᠬᠦᠮᠵᠢᠯᠠᠪᠠ᠃  ᠬᠢᠯᠦᠭᠡᠨ ᠪᠠᠭᠠᠳᠤᠷ ᠪᠤᠯ ᠮᠤᠩᠭᠤᠯ ᠬᠠᠭᠠᠨᠳᠤ ᠤᠯᠤᠰ ᠤᠨ ᠦᠶ᠎ᠡ ᠶᠢᠨ ᠤᠷᠠᠨ ᠵᠤᠬᠢᠶᠠᠯᠴᠢ᠂ ᠵᠢᠷᠤᠬᠠᠶᠢᠴᠢ ᠪᠠ ᠰᠢᠯᠦᠭᠴᠢᠨ ᠶᠤᠮ᠃ ᠲᠡᠤᠭᠡᠨ ᠲᠡᠮᠳᠡᠭᠯᠡᠯ ᠳᠤ ᠲᠡᠮᠳᠡᠭᠯᠡᠭᠰᠡᠨ ᠢᠶᠠᠷ᠂ ᠴᠢᠩᠬᠢᠰ ᠬᠠᠭᠠᠨ ᠢ ᠨᠠᠰᠤ ᠨᠦᠭᠴᠭᠰᠡᠨ ᠤ ᠲᠠᠷᠠᠭ᠎ᠠ ᠴᠢᠨᠳᠡᠷ ᠢ ᠨᠢ ᠮᠤᠩᠭᠤᠯ ᠨᠤᠳᠤᠭ ᠲᠠᠭᠠᠨ ᠠᠪᠴᠢᠷᠠᠬᠤ ᠨᠢᠭᠡ ᠵᠠᠮ ᠲᠡᠭᠡᠷ᠎ᠠ ᠬᠢᠯᠦᠭᠡᠨ ᠪᠠᠭᠠᠳᠤᠷ ᠵᠤᠭᠰᠦᠯᠳᠠ ᠦᠬᠡᠢ ᠮᠠᠭᠳᠠᠭᠠᠯ ᠰᠢᠯᠤᠭ᠌ ᠣᠩᠰᠢᠵᠤ ᠪᠠᠶᠢᠭᠰᠠᠨ ᠮᠦᠷᠳᠡᠭᠡᠨ ᠴᠢᠩᠬᠢᠰ ᠬᠠᠭᠠᠨ ᠤ ᠲᠠᠬᠢᠯᠭ᠎ᠠ  ᠤᠨ ᠲᠠᠬᠢᠯᠴᠢ ᠪᠤᠯᠵᠤ ᠪᠠᠶᠢᠪᠠ᠃ ᠲᠡᠬᠦᠨ ᠤ ᠮᠠᠭᠳᠠᠭᠠᠯ ᠰᠢᠯᠤᠭ᠌ ᠨᠢ ᠤᠳᠤ ᠬᠦᠷᠳᠡᠯ᠎ᠡ ᠤᠯᠠᠮᠵᠢᠯᠠᠭᠳᠠᠵᠤ ᠪᠠᠶᠢᠳᠠᠭ᠃
 
ᠢᠷᠡᠯᠲᠡ᠄ ᠲᠣᠰ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号