ᠠᠷᠪᠠᠨ ᠵᠢᠷᠭᠤᠭᠠᠳᠤ ᠴᠤᠶᠢᠵᠠᠮᠰᠦ
ᠨᠡᠶᠢᠲᠡᠯᠡᠭᠰᠡᠨ ᠴᠠᠭ᠄
2010/10/1
    ᠠᠷᠪᠠᠨ ᠵᠢᠷᠭᠤᠭᠠᠳᠤ ᠴᠤᠶᠢᠵᠠᠮᠰᠦ      ᠴᠤᠶᠢᠵᠠᠮᠰᠦ᠂ 1891 ᠤᠨ ᠳᠤ ᠲᠠᠷᠬᠠᠭᠭᠤᠯᠠ ᠰᠤᠮᠤᠨ ᠤ ᠮᠠᠨᠳᠠᠯᠳᠦ ᠶᠢᠨ ᠬᠠᠷ᠎ᠠ ᠤᠪᠤᠭᠠᠨ  ᠤ ᠡᠩᠭᠡᠷ ᠲᠤ ᠡᠬᠡᠯ ᠠᠷᠠᠳ ᠨᠤᠭᠤᠭᠠᠨᠳᠠᠷ᠎ᠠ ᠶᠢᠨ ᠬᠦᠪᠡᠬᠦᠨ ᠪᠤᠯᠤᠨ ᠵᠠᠶᠠᠭᠠᠵᠠᠢ᠃ ᠠᠷᠪᠠᠨ ᠵᠢᠷᠭᠤᠭᠠᠨ ᠨᠠᠰᠤᠨ  ᠳᠠᠭᠠᠨ ᠠᠶᠢᠮᠠᠭ ᠤᠨ ᠴᠢᠭᠤᠯᠭᠠᠨ ᠤ ᠳᠤ ᠶᠡᠭᠡ ᠨᠠᠶᠢᠷ ᠲᠤ ᠲᠡᠷᠢᠬᠦᠯᠡᠬᠡᠳ ︽ᠠᠷᠪᠠᠨ ᠵᠢᠷᠭᠤᠭᠠᠳᠤ︾ ᠬᠡᠰᠡᠨ ᠴᠤᠯᠠ  ᠶᠢ ᠤᠯᠵᠠᠢ᠃      ᠲᠡᠷᠡ ᠪᠡᠶ᠎ᠡ ᠪᠢᠯᠳᠠᠷ ᠪᠦᠳᠦᠬᠦᠨ ᠪᠦᠬᠡᠳ ᠵᠢᠷᠭᠤᠭᠠᠨ ᠲᠤᠬᠤᠢ ᠠᠪᠤᠷᠭᠤ ᠲᠤᠮᠤ ᠪᠠᠶᠢᠵᠦ᠂ ᠪᠤᠷᠤ ᠤᠯᠠᠭᠠᠨ ᠴᠢᠷᠠᠢ ᠲᠠᠢ᠂ ᠨᠢᠳᠦ ᠨᠢ ᠰᠢᠬᠢᠬᠡᠷ ᠪᠤᠯᠪᠠᠴᠤ ᠴᠤᠭᠳᠠᠢ᠂ ᠬᠤᠶᠠᠷ ᠭᠠᠷ ᠤᠨ ᠠᠯᠠᠭ᠎ᠠ ᠨᠢ ᠲᠡᠪᠢᠬᠦᠷ ᠮᠡᠳᠦ ᠶᠡᠭᠡ᠂ ᠬᠦᠵᠦᠬᠦᠨ ᠮᠢᠬ᠎ᠠ ᠨᠢ ᠲᠠᠪᠬᠤᠷᠯᠠᠨ ᠪᠤᠮᠪᠠᠶᠢᠵᠦ᠂ ᠬᠡᠬᠦᠳᠡᠭ ᠴᠡᠬᠡᠵᠢ ᠠᠭᠤᠵᠢᠭᠤ᠂ ᠬᠦᠴᠦ ᠴᠢᠳᠠᠯ ᠶᠡᠬᠡᠳᠡᠢ᠂ ᠬᠦᠯ ᠮᠦᠴᠢ ᠲᠡᠭᠰᠢ᠂ ᠬᠠᠪᠢᠷᠭ᠎ᠠ ᠶᠢᠨ ᠶᠠᠰᠤ ᠨᠢ ᠬᠠᠪᠳᠠᠰᠦ ᠮᠡᠳᠦ ᠦᠷᠬᠦᠯᠵᠢ ᠤᠨᠴᠠᠭᠠᠢ ᠲᠦᠷᠦᠭᠰᠡᠨ ᠬᠦᠮᠦᠨ ᠪᠠᠶᠢᠵᠦ᠂ ᠠᠭᠤᠵᠢᠮ ᠶᠡᠭᠡ ᠴᠠᠮᠴᠠᠨ ᠤ ᠪᠠᠨ ᠲᠠᠪᠤᠨ ᠲᠤᠪᠴᠢ ᠶᠢ ᠲᠠᠪᠢᠨ ᠮᠦᠩᠭᠦᠨ ᠵᠤᠭᠤᠰ ᠢᠶᠠᠨ ᠬᠢᠴᠢᠬᠡᠳ ᠦᠵᠡᠬᠦ ᠳᠤ ᠲᠤᠬᠢᠷᠠᠭᠰᠠᠨ ᠪᠠᠶᠢᠳᠠᠭ᠃ ᠶᠡᠷᠦ ᠨᠢ ᠲᠡᠬᠡᠬᠡᠳ ᠲᠤᠩ ᠰᠦᠷᠯᠢᠭ ᠬᠦᠮᠦᠨ ᠪᠠᠶᠢᠭᠰᠠᠨ ᠶᠤᠮ᠃ ᠲᠡᠷᠡ ᠠᠷᠪᠠᠨ ᠵᠢᠷᠭᠤᠭᠠᠨ ᠨᠠᠰᠤᠨ ᠳᠠᠭᠠᠨ ᠠᠶᠢᠮᠠᠭ ᠤᠨ ᠴᠢᠭᠤᠯᠭᠠᠨ ᠶᠡᠭᠡ ᠨᠠᠶᠢᠷ ᠤᠨ 512 ᠪᠦᠬᠡ ᠳᠤ ᠤᠷᠤᠵᠦ ᠪᠠᠷᠢᠯᠳᠤᠭᠠᠳ ᠬᠤᠯᠠ ᠤᠶᠢᠷ᠎ᠠ ᠶᠢᠨ ᠤᠯᠠᠨ ᠬᠤᠰᠢᠭᠤᠨ ᠤ ᠰᠢᠯᠢᠳᠡᠭ ᠰᠠᠶᠢᠨ ᠪᠦᠬᠡᠴᠤᠳ ᠢ ᠲᠠᠷᠠᠭᠠᠯᠠᠨ ᠬᠠᠶᠠᠵᠦ᠂ ᠤᠳᠤᠮᠳᠦ ᠪᠦᠬᠡ ᠶᠢᠨ ᠤᠷ᠎ᠠ ᠤᠬᠠᠭᠠᠨ᠂ ᠡᠷ᠎ᠡ ᠴᠢᠳᠠᠯ ᠢᠶᠠᠨ ᠭᠠᠶᠢᠬᠠᠭᠤᠯᠤᠨ ᠲᠡᠷᠢᠬᠦᠯᠡᠭᠡᠳ ︽ᠠᠷᠪᠠᠨ ᠵᠢᠷᠭᠤᠭᠠᠳᠤ︾ ᠬᠡᠰᠡᠨ ᠠᠯᠳᠠᠷ ᠨᠡᠷ᠎ᠡ ᠶᠢ ᠮᠠᠨᠳᠤᠭᠤᠯᠵᠦ᠂ ᠠᠯᠳᠠᠷᠳᠦ ᠪᠦᠬᠡ ᠶᠢᠨ ᠠᠩᠬᠠᠨ ᠤ ᠠᠯᠬᠤᠮ ᠢᠶᠠᠨ ᠡᠬᠢᠯᠡᠭᠰᠡᠨ ᠪᠢᠯᠡ᠃      ᠴᠤᠶᠢᠵᠠᠮᠰᠦ ᠨᠠᠰᠤᠨ ᠲᠤᠷᠰᠢ ᠬᠠᠯᠬ᠎ᠠ ᠮᠤᠩᠭᠤᠯ ᠤᠨ ᠤᠯᠠᠨ ᠬᠤᠰᠢᠭᠤ ᠵᠢᠴᠢ ᠰᠢᠯᠢ ᠶᠢᠨ ᠭᠤᠤᠯ ᠤᠨ ᠬᠤᠰᠢᠭᠤᠳ ᠪᠤᠯᠤᠨ ᠲᠦᠷᠪᠡᠳ᠂ ᠲᠠᠷᠬᠠᠨ ᠮᠤᠤᠮᠢᠩᠭᠠᠨ ᠬᠤᠰᠢᠭᠤ ᠵᠡᠷᠬᠡ ᠤᠯᠠᠨ ᠭᠠᠵᠠᠷ ᠤᠨ ᠨᠠᠶᠢᠷ᠂ ᠤᠪᠤᠭᠠᠨ ᠤ ᠨᠠᠶᠢᠷ᠂ ᠰᠦᠮ᠎ᠡ ᠬᠡᠶᠢᠳ ᠤᠨ ᠨᠠᠶᠢᠷ ᠨᠠᠭᠠᠳᠤᠮ ᠲᠡᠭᠡᠷ᠎ᠡ ᠪᠠᠷᠢᠯᠳᠦᠵᠦ ᠶᠠᠪᠤᠬᠤ ᠳᠠᠭᠠᠨ ᠭᠤᠷᠪᠠᠭ᠋ᠠᠨ ᠤᠳᠠᠭ᠎ᠠ ᠯᠡ ᠡᠪᠦᠳᠦᠭ ᠰᠢᠷᠤᠶᠢᠳᠠᠭᠰᠠᠨ ᠠᠴᠠ ᠭᠠᠳᠠᠨ᠎ᠠ ᠪᠤᠰᠤᠳ ᠨᠢ ᠪᠦᠷ ᠲᠡᠷᠢᠬᠦᠯᠡᠵᠦ ᠪᠠᠶᠢᠭᠰᠠᠨ ᠢᠶᠠᠷ 350 ᠭᠠᠷᠤᠢ ᠤᠳᠠᠭ᠎ᠠ ᠲᠡᠷᠢᠬᠦᠯᠡᠭᠰᠡᠨ ᠵᠤᠭᠰᠤᠭ᠎ᠠ ᠪᠦᠬᠡ ᠶᠢᠨ ᠠᠯᠳᠠᠷ ᠢᠶᠠᠨ ᠮᠠᠨᠳᠤᠭᠤᠯᠵᠦ ᠶᠠᠪᠤᠭᠰᠠᠨ ᠲᠡᠤᠬᠡ ᠲᠠᠢ ᠶᠤᠮ ᠃ ᠲᠡᠷᠡ ᠦᠪᠡᠷ ᠤᠨ ᠢᠶᠠᠨ ᠲᠤᠬᠠᠢ ᠶᠠᠷᠢᠬᠤ ᠳᠠᠭᠠᠨ ︽ᠪᠢ ᠡᠬᠡ ᠠᠴᠠ ᠲᠦᠷᠦᠬᠦ ᠳᠤ ᠨᠢᠬᠡ ᠤᠶᠢᠴᠢᠭᠰᠠᠨ᠂ ᠡᠷᠬᠡᠯᠡᠵᠦ ᠶᠠᠪᠤᠭᠠᠳ ᠪᠦᠳᠦᠷᠢᠵᠦ ᠨᠢᠬᠡ ᠤᠶᠢᠴᠢᠭᠰᠠᠨ᠂ ᠠᠳᠡ ᠲᠡᠨᠳᠡᠬᠢ ᠨᠠᠶᠢᠷ ᠲᠤ ᠭᠤᠷᠪᠠ ᠤᠶᠢᠴᠢᠭᠰᠠᠨ᠂ ᠨᠢᠬᠡ ᠨᠠᠰᠤᠨ ᠳᠠᠭᠠᠨ ᠲᠠᠪᠤ ᠯᠠ ᠤᠶᠢᠴᠢᠭᠰᠠᠨ ᠶᠤᠮ︾ ᠬᠡᠵᠦ ᠶᠦᠮᠦᠷᠯᠢᠭ ᠶᠠᠷᠢᠳᠠᠭ ᠪᠠᠶᠢᠭᠰᠠᠨ ᠶᠤᠮ᠃ ᠲᠡᠬᠦᠨ ᠤ ᠨᠠᠭᠠᠴᠤ ᠨᠢ ︽ᠠᠷᠪᠠᠨ ᠵᠢᠷᠭᠤᠭᠠᠳᠤ ᠠᠭᠤᠯᠠ ᠰᠢᠷᠤᠪ︾ ᠬᠡᠰᠡᠨ ᠬᠦᠮᠦᠨ ᠪᠠᠶᠢᠵᠦ᠂ ᠠᠷᠪᠠᠨ ᠲᠤᠯᠤᠭᠠᠨ ᠨᠠᠰᠤᠨ  ᠳᠠᠭᠠᠨ ᠲᠠᠷᠢᠭᠠᠩᠭ᠎ᠠ ᠶᠢᠨ ᠶᠡᠭᠡ ᠨᠠᠶᠢᠷ ᠲᠤ ᠲᠡᠷᠢᠬᠦᠯᠡᠵᠦ ︽ᠠᠷᠪᠠᠨ ᠲᠤᠯᠤᠭᠠᠳᠤ︾ ᠴᠤᠯᠠ ᠶᠢ ᠤᠯᠵᠦ᠂ ᠤᠯᠠᠨ ᠭᠠᠵᠠᠷ ᠤᠨ ᠨᠠᠶᠢᠷ ᠲᠡᠭᠡᠷ᠎ᠡ ᠵᠤᠭᠰᠤᠭ᠎ᠠ ᠦᠯᠡᠳᠡᠳᠡᠭ ᠪᠤᠯᠬᠤᠷ ︽ᠠᠭᠤᠯᠠ ᠰᠢᠷᠤᠪ︾ ᠬᠡᠮᠡᠨ ᠠᠯᠳᠠᠷᠰᠢᠵᠠᠢ᠃      ᠴᠤᠶᠢᠵᠠᠮᠰᠦ ᠠᠯᠳᠠᠷᠳᠦ ᠪᠦᠬᠡ ᠮᠦᠷᠳᠡᠬᠡᠨ ᠰᠡᠴᠡᠨ ᠡᠮᠴᠢ᠂ ᠨᠠᠷᠡᠳᠦ ᠶᠠᠰᠤ ᠪᠠᠷᠢᠭᠴᠢ᠂ ᠭᠠᠷ ᠤᠷᠠᠨ ᠬᠦᠮᠦᠨ ᠪᠠᠶᠢᠭᠰᠠᠨ ᠪᠠ ᠮᠦᠨ ᠴᠤ ᠤᠯᠠᠨ ᠠᠴᠠ ᠬᠡᠳᠦᠶᠢᠳᠦᠭᠰᠡᠨ ᠬᠦᠴᠦ ᠴᠢᠳᠠᠯ ᠲᠠᠢ ᠬᠦᠮᠦᠨ ᠪᠠᠶᠢᠭᠰᠠᠨ ᠶᠤᠮ᠃ ᠲᠡᠷᠡ ᠡᠷᠳᠡᠮ ᠳᠤ ᠴᠠᠭᠠᠷᠠᠭᠰᠠᠨ ᠡᠮᠴᠢ ᠬᠦᠮᠦᠨ ᠤ ᠬᠤᠪᠢ ᠪᠠᠷ ᠡᠬᠡᠯ ᠵᠢᠷ ᠤᠨ ᠠᠷᠠᠳ ᠤᠨ ᠡᠪᠡᠳᠴᠢᠨ ᠵᠤᠪᠠᠯᠠᠩ ᠢ ᠡᠮᠴᠢᠯᠡᠵᠦ᠂ ᠡᠨᠡᠷᠢᠩᠭᠦᠢ ᠲᠤᠯᠠᠭᠠᠨ ᠵᠦᠬᠡᠯᠡᠨ ᠰᠡᠳᠬᠢᠯ ᠢᠶᠠᠷ ᠲᠤᠰᠠᠯᠠᠵᠦ ᠶᠠᠪᠤᠭᠰᠠᠨ ᠶᠤᠮ᠃ ᠲᠡᠬᠦᠨ  ᠤ ᠬᠦᠴᠦ ᠴᠢᠳᠠᠯ ᠤᠨ ᠲᠤᠬᠠᠢ ᠤᠯᠠᠨ ᠰᠤᠨᠢᠷᠬᠠᠯᠳᠠᠢ ᠦᠯᠢᠬᠡᠷ ᠤᠳ ᠪᠠᠶᠢᠳᠠᠭ᠃ ᠠᠷᠪᠠᠨ ᠨᠠᠰᠤᠨ ᠳᠠᠭᠠᠨ ᠬᠤᠨᠢᠨ  ᠳᠤ ᠤᠨᠤᠭᠰᠠᠨ ᠲᠠᠭ᠎ᠠ ᠪᠠᠨ ᠬᠤᠨᠢᠴᠢᠯᠠᠨ ᠪᠤᠭᠤᠵᠦ ᠡᠬᠦᠷᠦᠬᠡᠳ ᠨᠠᠭᠠᠳᠴᠦ ᠪᠠᠶᠢᠭᠰᠠᠨ᠂ ᠬᠤᠳᠳᠤᠭ ᠲᠤ ᠤᠨᠠᠭᠰᠠᠨ ᠲᠤᠷᠤᠮ ᠢ ᠬᠤᠪᠤᠭ᠎ᠠ ᠰᠢᠭ᠋ ᠲᠠᠳᠠᠵᠦ ᠭᠠᠷᠭᠠᠭᠰᠠᠨ᠂ ᠨᠠᠷᠠᠳᠦ ᠪᠦᠬᠡ ᠭᠤᠤ ᠳᠤ ᠨᠢᠬᠡ ᠤᠶᠢᠴᠢᠭᠰᠠᠨ ᠪᠤᠯᠬᠤᠷ ᠲᠠᠷᠠᠭ᠎ᠠ ᠤᠳᠠᠭ᠎ᠠ ᠨᠢ ᠲᠤᠬᠢᠶᠠᠯᠳᠦᠵᠦ᠂ ᠲᠠᠳᠠᠩ ᠤᠨ ᠭᠠᠳᠠᠰᠦᠦᠨ ᠲᠡᠬᠡᠷ᠎ᠡ ᠭᠠᠳᠠᠨ᠎ᠠ ᠬᠡᠵᠦ ᠬᠡᠢ ᠲᠡᠬᠡᠷ᠎ᠡ ᠡᠷᠬᠦᠬᠡᠳ ᠱᠤᠭ ᠭᠠᠷᠭᠠᠵᠦ ᠪᠠᠶᠢᠭᠰᠠᠨ᠂ ᠮᠠᠭᠰᠤᠷ ᠸᠠᠩ ᠤᠨ ᠰᠢᠪᠠᠷᠳᠠᠭᠰᠠᠨ ᠮᠠᠰᠢᠨ ᠢ ᠭᠠᠭᠴᠠᠬᠠᠨ ᠲᠠᠳᠠᠵᠦ ᠭᠠᠷᠭᠠᠭᠰᠠᠨ᠂ ᠬᠦᠭᠯᠡᠭᠰᠡᠨ ᠮᠤᠷᠢᠨ ᠲᠡᠷᠬᠡ ᠶᠢ ᠭᠠᠭᠴᠠᠬᠠᠨ ᠭᠠᠷ ᠢᠶᠠᠷ ᠢᠶᠠᠨ ᠲᠡᠳᠠᠨ ᠲᠠᠷᠤᠵᠦ ᠮᠤᠷᠢ ᠶᠢ ᠨᠢ ᠬᠦᠳᠡᠶᠢᠯᠡᠨ ᠵᠤᠭᠰᠤᠭᠠᠭᠰᠠᠨ᠂ ᠶᠠᠫᠤᠨ ᠨᠤᠶᠠᠨ ᠢ ᠪᠠᠷᠢᠵᠦ ᠵᠤᠳᠤᠭᠰᠠᠨ ᠤᠮᠤᠭ ᠰᠦᠰᠦ ᠵᠡᠷᠬᠡ ᠠᠯᠢ ᠤᠯᠠᠨ ᠬᠡᠯᠡᠬᠡᠳ ᠪᠠᠷᠠᠰᠢ ᠦᠬᠡᠢ ᠦᠯᠢᠬᠡᠷ ᠮᠡᠳᠦ ᠦᠨᠡᠨ ᠤᠴᠢᠷ ᠤᠳ ᠠᠷᠪᠢᠨ ᠪᠠᠶᠢᠵᠦ᠂ ᠤᠳᠤ ᠪᠤᠯᠳᠠᠯ ᠤᠯᠠᠨ ᠤ ᠶᠠᠷᠢᠶ᠎ᠠ ᠂ ᠠᠮᠠᠨ ᠤ ᠵᠤᠭᠤᠭ ᠪᠤᠯᠵᠦ ᠪᠠᠶᠢᠳᠠᠭ᠃      1955 ᠤᠨ ᠳᠤ ᠬᠤᠰᠢᠭᠤ ᠠᠷᠠᠳ ᠤᠨ ᠶᠡᠭᠡ ᠨᠠᠶᠢᠷ ᠲᠡᠭᠡᠷ᠎ᠡ ᠠᠯᠳᠠᠷᠳᠦ ᠪᠦᠬᠡ ︽ᠠᠷᠪᠠᠨ ᠵᠢᠷᠭᠤᠭᠠᠳᠤ︾ ᠴᠤᠶᠢᠵᠠᠮᠰᠤ ᠶᠢ ᠲᠠᠷᠬᠠᠯᠠᠵᠦ᠂ ᠠᠯᠳᠠᠷ ᠨᠡᠷ᠎ᠡ ᠶᠢ ᠨᠢ ᠲᠠᠶᠠᠭᠠᠷ ᠲᠠᠭᠤᠷᠢᠰᠠᠬᠠᠭᠰᠠᠨ ᠳᠤ᠂ ᠲᠡᠷᠡ ᠵᠠᠩᠭᠢᠶ᠎ᠠ ᠪᠠᠨ ᠨᠤᠳᠤᠭ ᠤᠨ ᠢᠶᠠᠨ ᠰᠠᠶᠢᠨ ᠪᠦᠬᠡ ᠮᠦᠩᠬᠡ ᠶᠢᠨ ᠵᠤᠩᠳᠠᠢ ᠳᠤ ᠶᠡᠬᠦᠯᠡᠵᠦ ᠦᠭᠴᠡᠢ᠃ ᠵᠣᠩᠳᠠᠢ ᠮᠦᠨ ᠴᠤ ᠶᠡᠭᠡ ᠪᠠᠭ᠎ᠠ ᠨᠠᠶᠢᠷ ᠲᠤ 105 ᠤᠳᠠᠭ᠎ᠠ ᠲᠡᠷᠢᠬᠦᠯᠡᠵᠦ᠂ ᠠᠯᠳᠠᠷ ᠨᠡᠷ᠎ᠡ ᠪᠠᠨ ᠮᠠᠨᠳᠤᠭᠤᠯᠵᠦ ᠶᠠᠪᠤᠭᠰᠠᠨ ᠶᠤᠮ᠃      ᠠᠯᠳᠠᠷᠳᠤ ᠪᠦᠬᠡ ︽ᠠᠷᠪᠠᠨ ᠵᠢᠷᠭᠤᠭᠠᠳᠤ︾ ᠴᠤᠶᠢᠵᠠᠮᠰᠦ 1958 ᠤᠨ ᠤ ᠵᠤᠨ ᠲᠠᠷᠬᠠᠭᠭᠤᠯᠠ ᠰᠤᠮᠤᠨ ᠤ ᠮᠠᠨᠳᠠᠯᠳᠦ ᠶᠢᠨ ᠬᠠᠷ᠎ᠠ ᠲᠡᠯ ᠬᠡᠰᠡᠨ ᠭᠠᠵᠠᠷ ᠲᠤ ᠨᠠᠰᠤᠨ ᠰᠡᠬᠦᠳᠡᠷ ᠵᠢᠷᠠᠨ ᠨᠠᠢᠮᠠᠳᠠᠢ ᠲᠠᠭᠠᠯᠠᠯ ᠪᠤᠯᠪᠠ᠃ ᠬᠦᠬᠡ ᠲᠡᠭᠷᠢ ᠪᠠᠨ ᠮᠦᠩᠭᠡ ᠴᠡᠯᠮᠡᠭ ᠪᠠᠶᠢᠯᠭᠠᠵᠦ᠂ ᠬᠦᠷᠦᠰᠦᠳᠦ ᠲᠡᠯᠡᠬᠡᠢ ᠪᠠᠨ ᠡᠩᠭᠡ ᠠᠮᠤᠭᠤᠯᠠᠩ ᠪᠤᠯᠭᠠᠵᠦ᠂ ᠬᠦᠮᠦᠨ ᠠᠮᠢᠳᠠᠨ ᠤ ᠪᠠᠶᠠᠷ ᠪᠠᠶᠠᠰᠬᠤᠯᠠᠩ ᠢ ᠬᠦᠰᠡᠵᠦ᠂ ᠬᠦᠴᠦᠳᠦ ᠪᠦᠬᠡ ᠪᠠᠨ ᠬᠡᠶᠢᠮᠦᠷᠢ ᠵᠢᠪᠬᠤᠯᠠᠩ ᠪᠠᠶᠢᠯᠭᠠᠬᠤ ᠶᠢᠨ ᠲᠤᠰᠠᠳᠠ᠂ ᠴᠤᠶᠢᠵᠠᠮᠰᠦ ᠭᠤᠸᠠᠢ ᠶᠢᠨ ᠰᠠᠳᠤᠨ ᠲᠦᠷᠦᠯ ᠪᠦᠬᠦᠳᠡᠭᠡᠷ ᠰᠠᠨᠠᠭ᠎ᠠ ᠰᠡᠳᠬᠢᠯ ᠨᠢᠬᠡᠳᠦᠯᠴᠢᠨ᠂ ᠬᠦᠷᠦᠩᠭᠡ ᠪᠡᠯᠡ ᠬᠠᠮᠵᠢᠯᠴᠢᠨ ᠬᠦᠳᠡᠯᠮᠦᠷᠢ ᠬᠦᠴᠦ ᠤᠷᠤᠭᠤᠯᠤᠨ ᠪᠠᠶᠢᠵᠦ᠂ ᠦᠪᠡᠷ ᠤᠨ ᠨᠤᠳᠤᠭ ᠤᠨ ᠢᠶᠠᠨ ᠴᠢᠯᠦᠬᠡᠯᠡᠭᠳᠡᠭᠰᠡᠨ ᠦᠪᠡᠳᠡᠭᠰᠢ ᠲᠠᠪᠢᠨ ᠵᠢᠯ ᠤᠨ ᠤᠢ ᠳᠤ ᠵᠤᠷᠢᠭᠤᠯᠤᠨ᠂ ᠠᠯᠳᠠᠷᠳᠦ ᠪᠦᠬᠡ ︽ᠠᠷᠪᠠᠨ ᠵᠢᠷᠭᠤᠭᠠᠳᠤ︾ ᠳᠤ ᠠᠰᠢᠳᠠ ᠶᠢᠨ ᠲᠤᠷᠠᠰᠬᠠᠯ ᠪᠤᠯᠭᠠᠵᠦ᠂ ᠮᠠᠨᠳᠠᠯᠳᠦ ᠶᠢᠨ ᠬᠠᠷ᠎ᠠ ᠲᠡᠯ ᠬᠡᠮᠡᠬᠦ ᠭᠠᠵᠠᠷ ᠲᠤ ᠵᠠᠩᠴᠤᠪ ᠴᠤᠶᠢᠳᠤᠨ ᠰᠤᠪᠤᠷᠭ᠎ᠠ ᠴᠤᠭᠴᠠᠯᠠᠨ ᠪᠦᠳᠦᠬᠡᠵᠦ᠂ 1995 ᠤᠨ ᠤ 8 ᠰᠠᠷ᠎ᠠ ᠶᠢᠨ 1 ᠳᠤ ᠶᠡᠭᠡ ᠨᠠᠶᠢᠷ ᠬᠢᠵᠦ ᠬᠦᠰᠢᠶ᠎ᠡ ᠪᠤᠰᠬᠠᠨ ᠲᠤᠷᠠᠰᠬᠠᠨ ᠲᠡᠮᠳᠡᠭᠯᠡᠪᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号