ᠪᠢ ᠲᠠᠭᠤᠴᠢᠨ
ᠨᠡᠶᠢᠲᠡᠯᠡᠭᠰᠡᠨ ᠴᠠᠭ᠄
2010/10/11
   
 ᠪᠢ ᠲᠠᠭᠤᠴᠢᠨ                ᠤᠳᠬᠤᠨᠴᠡᠴᠡᠭ ᠨᠠᠷᠠ ᠠᠷᠭᠠᠳᠠᠭᠰᠠᠨ ᠠᠭᠤᠯᠠᠰ ᠤᠨ ᠢᠶᠠᠨ ᠨᠦᠮᠤᠷᠢ ᠶᠢ ᠪᠢ ᠰᠠᠨᠠᠬᠤ ᠲᠤᠰᠤᠮ ᠨᠠᠰᠤᠨ ᠪᠠᠭ᠎ᠠ ᠶᠢᠨ ᠴᠤᠯᠬᠢᠨ ᠢᠨᠢᠶᠡᠳᠤ ᠵᠢᠷᠤᠬᠡᠨ ᠳᠤ ᠤᠶᠢᠷᠠᠳᠤᠬᠤ ᠲᠤᠰᠤᠮ ᠴᠡᠴᠡᠭ ᠤᠨ ᠰᠡᠪᠡᠯᠬᠡ ᠲᠠᠢ ᠲᠠᠯ᠎ᠠ ᠮᠢᠨᠢ ᠬᠠᠷᠠᠭ᠎ᠠ ᠶᠢ ᠲᠡᠯᠡᠬᠦ ᠲᠤᠰᠤᠮ ᠴᠡᠬᠡᠵᠢᠨ ᠤ ᠮᠢᠨᠢ ᠡᠬᠡᠰᠢᠭ ᠬᠦᠭᠯᠡᠭᠳᠡᠵᠤ ᠪᠢ ᠲᠠᠭᠤᠤ ᠬᠡᠩᠰᠢᠳᠡᠭ ᠨᠢᠯᠬ᠎ᠠ ᠨᠤᠭᠤᠭᠠᠨ ᠤ ᠦᠨᠤᠷ ᠰᠡᠩᠬᠢ ᠲᠠᠳᠠᠵᠤ ᠨᠠᠭᠠᠳᠤᠮ ᠤᠨ ᠰᠤᠮᠤᠨ ᠬᠦᠯᠦᠭ ᠤᠳ ᠲᠤᠯᠢ ᠨᠢ ᠬᠢᠯᠠᠯᠵᠠᠨ ᠢᠷᠡᠬᠦ ᠳᠤ ᠲᠤᠮᠤᠭ ᠤᠨ ᠴᠡᠩᠬᠡᠷ ᠤᠷᠤᠨ ᠤ ᠮᠢᠨᠢ ᠡᠬᠡᠰᠢᠭ ᠤᠨ ᠰᠢᠳᠢ — ᠲᠠᠭᠤᠨ ᠤ ᠲᠤᠷᠭᠠᠨ ᠠᠶᠠᠯᠠᠭᠤ ᠰᠡᠳᠬᠢᠯ ᠳᠤ ᠤᠶᠠᠩᠭᠠᠷᠠᠳᠠᠭ ᠦᠳᠬᠡᠨ ᠰᠢᠷᠭᠠᠯ ᠨᠠᠮᠤᠷ ᠮᠢᠨᠢ ᠲᠤᠷᠠᠰᠤᠯ ᠤᠨ ᠬᠢ ᠪᠤᠯᠬᠤᠷ ᠦᠷᠤᠪᠴᠢᠬᠡᠨ ᠲᠡᠷᠡ ᠬᠠᠶᠢᠷ᠎ᠠ ᠮᠢᠨᠢ ᠰᠡᠳᠬᠢᠯ ᠤᠨ ᠬᠢ ᠪᠤᠯᠬᠤᠷ ᠦᠨᠳᠡᠯᠵᠡᠬᠦ ᠪᠢᠴᠢᠬᠠᠨ ᠵᠢᠷᠤᠬᠡ ᠮᠢᠨᠢ ᠬᠦᠮᠤᠨ ᠤ ᠬᠢ ᠪᠤᠯᠴᠢᠬᠠᠬᠤ ᠪᠠᠷ ᠭᠤᠨᠢᠭ ᠠᠷᠴᠢᠵᠤ ᠪᠢ ᠲᠠᠭᠤᠤ ᠠᠶᠠᠯᠤᠳᠠᠭ ᠡ ᠢᠩᠬᠡᠨ ᠲᠡᠮᠡᠬᠡᠨ ᠤ ᠨᠢᠯᠪᠤᠰᠤ ᠵᠢᠷᠤᠬᠡᠨ ᠳᠤ ᠡᠭ᠍ᠰᠢᠵᠤ ᠢᠰᠡᠬᠡᠢ ᠬᠡᠷ ᠤᠨ ᠢᠶᠠᠨ ᠡᠬᠦᠳᠡᠨ ᠳᠤ ᠡᠵᠢ ᠮᠢᠨᠢ ᠪᠦᠷᠳᠤᠯᠵᠡᠬᠡᠳ ᠬᠤᠴᠤᠷᠠᠬᠤ ᠳᠤ ᠪᠢ ᠲᠠᠭᠤᠨ ᠳᠤ ᠠᠶᠠᠯᠤᠭᠳᠠᠳᠠᠭ ᠰᠦᠨ ᠠᠮᠢᠰᠬᠤᠭ᠎ᠠ ᠲᠠᠢ ᠰᠠᠭᠠᠯᠢ ᠶᠢᠨ ᠲᠡᠷᠯᠢᠭ ᠢ ᠪᠢ ᠲᠠᠭᠤᠯᠠᠳᠠᠭ ᠰᠦᠨᠢᠵᠢᠨ ᠬᠡᠬᠡᠨ ᠰᠠᠷᠠ ᠶᠢ ᠪᠢ ᠲᠠᠭᠤᠯᠠᠳᠠᠭ ᠰᠤᠯᠤᠩᠭᠠᠨ ᠵᠠᠩᠬᠢᠶᠠᠳᠤ ᠪᠦᠬᠡ ᠶᠢ ᠪᠢ ᠲᠠᠭᠤᠯᠠᠳᠠᠭ ᠰᠦᠮᠡᠶᠢᠬᠦ ᠠᠯᠤᠰ ᠤᠨ ᠨᠤᠶᠠᠨ ᠰᠡᠷᠢᠳᠠᠭ ᠶᠢ ᠪᠢ ᠲᠠᠭᠤᠯᠠᠳᠠᠭ ᠠᠷᠠᠳ ᠤᠨ ᠲᠠᠭᠤᠨ ᠤ ᠲᠦᠷᠢᠯᠬᠡ — ᠠᠪᠤ ᠮᠢᠨᠢ ᠤᠶᠠᠭᠠᠨ ᠲᠡᠬᠡᠷ᠎ᠡ ᠪᠠᠨ ᠪᠠᠭᠤᠬᠤ ᠳᠤ ᠪᠢ ᠲᠠᠭᠤᠴᠢᠨ ᠠᠩᠬᠢᠷ ᠰᠢᠪᠠᠭᠤ ᠬᠤᠤᠰ ᠢᠶᠠᠷ ᠢᠶᠠᠨ ᠤᠰᠤᠨ ᠳᠤ ᠢᠷᠡᠬᠦ ᠳᠤ ᠪᠢ ᠲᠠᠭᠤᠴᠢᠨ ᠰᠢᠷᠤᠩᠬᠠᠢ ᠠᠶᠠᠯᠭᠤᠨ ᠤ ᠡᠬᠡ ᠤᠷᠤᠨ ᠳᠠᠭᠠᠨ ᠰᠢᠯᠦᠭ ᠢᠶᠠᠷ ᠢᠶᠠᠨ ᠪᠢ ᠲᠠᠭᠤᠴᠢᠨ ᠰᠤᠭᠤᠨᠠᠭ ᠴᠡᠩᠬᠡᠷ ᠮᠤᠩᠭᠤᠯ ᠳᠠᠭᠠᠨ ᠰᠤᠯᠤᠭᠠᠢ ᠪᠠᠶᠢᠭᠰᠠᠨ ᠴᠤ ᠪᠢ ᠲᠠᠭᠤᠴᠢᠨ ᠡ᠃
 
ᠢᠷᠡᠯᠲᠡ᠄ ᠲᠠᠪᠤᠳᠤᠬᠢ ᠤᠳᠠᠭᠠᠨ ᠤ ︽ᠬᠢᠯᠦᠭᠡᠨ ᠤᠶᠠᠩᠭ᠎ᠠ︾ ᠢᠷᠠᠭᠤ ᠨᠠᠶᠢᠷᠠᠭ ᠤᠨ ᠮᠦᠷᠦᠶᠢᠴᠡᠬᠡᠨ 
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号