ᠴᠡᠴᠡᠭ ᠤᠨ ᠲᠠᠯᠪᠠᠭ᠎ᠠ ᠬᠠᠶᠠᠯᠠᠭᠰᠠᠨ ᠴᠡᠯᠡᠬᠡᠷ ᠪᠠᠶᠠᠨ ᠲᠠᠮᠤᠴᠢ ᠨᠤᠳᠤᠭ‌‍ᠴᠠᠴᠡᠨ ᠠᠷᠠᠳ ᠤᠨ ᠦᠯᠦᠬᠡᠢ ᠪᠤᠯᠤᠭᠰᠠᠨ ᠬᠢᠯᠦᠬᠡᠨ ᠪᠠᠭᠠᠳᠤᠷ ᠤᠨ ᠵᠡᠬᠦᠨ ᠰᠦᠨᠢᠳ
ᠨᠡᠶᠢᠲᠡᠯᠡᠭᠰᠡᠨ ᠴᠠᠭ᠄
2010/10/21
              ᠴᠡᠴᠡᠭ ᠤᠨ ᠲᠠᠯᠪᠠᠭ᠎ᠠ ᠬᠠᠶᠠᠯᠠᠭᠰᠠᠨ ᠴᠡᠯᠡᠬᠡᠷ ᠪᠠᠶᠠᠨ ᠲᠠᠮᠤᠴᠢ ᠨᠤᠳᠤᠭ              ᠴᠠᠴᠡᠨ ᠠᠷᠠᠳ ᠤᠨ ᠦᠯᠦᠬᠡᠢ ᠪᠤᠯᠤᠭᠰᠠᠨ ᠬᠢᠯᠦᠬᠡᠨ ᠪᠠᠭᠠᠳᠤᠷ ᠤᠨ ᠵᠡᠬᠦᠨ ᠰᠦᠨᠢᠳ      ᠲᠠᠭᠠᠨ᠎ᠠ ᠶᠢᠨ ᠴᠡᠴᠡᠭ ᠤᠨ ᠬᠦᠮᠡᠢ ᠳᠤ ᠲᠠᠯ᠎ᠠ ᠶᠢᠨ ᠴᠠᠭᠠᠨ ᠠᠶᠢᠯ ᠪᠦᠪᠠᠶᠢᠯᠡᠭᠳᠡᠨ ᠲᠠᠩᠰᠤᠭ ᠪᠠᠶᠠᠨ ᠰᠦᠷᠦᠭ ᠤᠨ ᠲᠡᠷᠬᠡᠳᠡ ᠲᠡᠭᠷᠢ ᠶᠢᠨ ᠬᠡᠰᠢᠭᠳᠦ ᠪᠤᠳᠠᠷ ᠴᠢᠯᠠᠭᠤ᠂ ᠲᠡᠨᠢᠬᠡᠷ ᠲᠠᠮᠤᠴᠢ ᠶᠢᠨ ᠰᠦᠭ ᠵᠢᠷᠤᠭ ᠬᠡᠶᠢᠮᠦᠷᠢ ᠲᠠᠯᠯᠠᠵᠦ ᠬᠠᠷᠠᠭᠳᠠᠨ᠎ᠠ᠃ ᠡᠨᠡ ᠪᠤᠯ ᠵᠡᠬᠦᠨ ᠰᠦᠨᠢᠳ ᠨᠤᠳᠤᠭ᠂ ᠵᠡᠬᠦᠳᠦᠨ ᠤ ᠲᠡᠷᠬᠡᠯᠬᠡᠨ ᠲᠠᠯ᠎ᠠ᠃ ᠠᠯᠤᠰ ᠪᠠᠷ᠎ᠠ ᠶᠢᠨ ᠭᠠᠵᠠᠷ ᠠᠴᠠ ᠠᠯᠳᠠᠨ ᠭᠠᠨᠵᠢᠷ᠎ᠠ ᠨᠢ ᠬᠢᠯᠠᠯᠵᠠᠭᠰᠠᠨ ᠴᠠᠭᠠᠬᠤᠪᠤᠭ᠎ᠠ ᠰᠦᠮ᠎ᠡ ᠬᠡᠰᠢᠭ ᠲᠠᠭᠠᠳᠬᠠᠨ ᠰᠡᠬᠦᠶᠢᠬᠦ ᠳᠤ ᠠᠷ ᠨᠢ ᠬᠦᠷᠳᠡᠯ᠎ᠡ ᠮᠦᠡᠭᠭᠦᠷᠡᠨ ᠪᠠᠶᠢᠳᠠᠭ ᠡᠩᠭᠡᠷ᠂ ᠨᠦᠬᠡᠰ ᠤᠨ ᠭᠤᠤᠯ ᠨᠢ ᠦᠡᠭ ᠰᠠᠶᠢᠬᠠᠨ ᠡᠨᠡ ᠨᠤᠳᠤᠭ ᠢ ᠤᠮᠳᠠᠯᠠᠨ ᠤᠮᠳᠠᠯᠠᠨ ᠬᠤᠯᠠ ᠶᠢ ᠵᠤᠷᠢᠨ᠎ᠠ᠃ ᠲᠠᠭᠤᠯᠠᠬᠤ ᠳᠤ ᠠᠭᠠᠷ ᠨᠢ ᠬᠦᠷᠳᠡᠯ᠎ᠡ ᠰᠠᠭᠠᠮᠰᠢᠵᠦ ᠲᠤᠪᠳᠤᠯᠬᠤ ᠳᠤ ᠴᠢᠯᠠᠭᠤᠳ ᠨᠢ ᠬᠦᠷᠳᠡᠯ᠎ᠡ ᠤᠶᠠᠩᠭᠠᠷᠠᠳᠠᠭ ᠡᠨᠡ ᠨᠤᠳᠤᠭ ᠤᠨ ᠬᠦᠮᠦᠨ ᠤ ᠰᠡᠳᠬᠢᠯ ᠨᠢ ᠵᠤᠨ ᠢᠶᠠᠷ ᠪᠢᠯᠬᠠᠵᠦ ᠬᠦᠷᠦᠰᠦ ᠰᠢᠷᠦᠶᠢᠨ ᠳᠤᠨᠢ ᠬᠦᠷᠦᠩᠭᠡ ᠪᠠᠶᠠᠨ ᠪᠠᠶᠢᠳᠠᠭ᠃ ᠠᠳᠡ ᠠᠯᠳᠠ᠂ ᠲᠡᠮᠦᠷ᠂ ᠬᠦᠡᠭᠭᠡᠨ ᠴᠠᠭᠠᠨ᠂ ᠴᠢᠯᠠᠭᠤᠨ ᠲᠤᠰᠤ᠂ ᠪᠤᠯᠤᠷ ᠤᠨ ᠡᠷᠦᠳᠡᠰᠦ ᠡᠯᠪᠡᠭ ᠪᠠᠶᠢᠵᠦ᠂ ᠬᠦᠷᠦᠰᠦᠨ ᠲᠡᠬᠡᠷ᠎ᠡ ᠨᠢ ᠬᠦ᠋ ᠦᠬᠡᠢ ᠮᠦᠡᠭᠭᠦ‍ ᠰᠢᠭ ᠪᠦᠮᠪᠦᠷᠢᠵᠦ ᠪᠠᠶᠢᠳᠠᠭ ᠰᠦᠨᠢᠳ ᠬᠤᠨᠢ᠂ ᠬᠤᠨᠢᠨ ᠤ ᠸᠠᠩ ᠬᠡᠳᠡᠭ ᠰᠠᠶᠢᠬᠠᠨ ᠨᠡᠷ᠎ᠡ ᠬᠦᠷᠳᠡᠵᠦ᠂ ᠤᠭᠤᠷᠠᠭ ᠰᠢᠮ᠎ᠡ ᠰᠠᠶᠢᠳᠠᠢ ᠪᠠᠷ ᠢᠶᠠᠨ ︽ᠮᠢᠬᠠᠨ ᠤ ᠲᠤᠳᠤᠷᠠᠬᠢ ᠤᠷᠬᠤᠳᠠᠢ︾ ᠬᠡᠵᠦ ᠠᠯᠳᠠᠷᠰᠢᠵᠠᠢ᠃      ᠬᠠᠮᠢᠭ᠎ᠠ ᠬᠦᠷᠦᠭᠰᠡᠨ ᠴᠤ ᠬᠠᠳᠠᠭ ᠲᠠᠢ᠂ ᠲᠠᠭᠤᠤ ᠲᠠᠢ ᠰᠦᠨᠢᠳ ᠨᠤᠳᠤᠭ ᠬᠦᠷᠦᠬᠡ ᠦᠬᠡᠢ ᠬᠦᠮᠦᠰ ᠤᠨ ᠬᠦᠰᠡᠯ ᠢ ᠲᠠᠯᠯᠠᠵᠦ᠂ ᠬᠦᠷᠦᠭᠰᠡᠨ ᠪᠤᠯᠭᠠᠨ ᠤ ᠵᠡᠬᠦᠳᠦᠨ ᠳᠤ ᠬᠤᠨᠤᠭᠰᠢᠳᠠᠭ ᠠᠵᠠᠢ᠃ ᠡᠨᠡ ᠨᠤᠳᠤᠭ ᠤᠨ ᠬᠡᠶᠢᠮᠦᠷᠢ ᠰᠦᠯᠳᠡ ᠬᠡᠴᠢᠨᠡᠨ ᠤᠯᠠᠨ ᠮᠡᠷᠬᠡᠳ ᠪᠠᠭᠠᠳᠤᠷ ᠤᠳ ᠢ ᠬᠦᠮᠦᠵᠢᠬᠦᠯᠵᠦ ᠦᠭᠬᠦᠭᠰᠡᠨ ᠢ ᠤᠶᠠᠩᠭᠠᠯᠠᠭᠠᠳ ᠪᠠᠶᠢᠬᠤ ᠤᠤ ᠳ᠋ᠠ︖ ᠦᠨᠦᠳᠦᠷ ᠴᠡᠴᠡᠨ ᠮᠡᠷᠬᠡᠨ ᠰᠦᠨᠢᠳ ᠲᠦᠮᠡᠨ ᠦᠬᠡᠳᠡᠯᠡᠨ ᠲᠠᠪᠰᠢᠬᠤ ᠦᠯᠵᠡᠶᠢᠳᠦ ᠵᠠᠮ ᠤᠨ ᠵᠢᠯᠤᠭᠤ ᠬᠦᠨᠳᠡᠷᠴᠦ᠂ ᠦᠡᠭᠭᠡ ᠢᠯᠭᠠᠷᠠᠭᠰᠠᠨ ᠢᠷᠡᠬᠡᠳᠦᠢ ᠵᠦᠭ ᠬᠦᠯᠦᠭ ᠤᠨ ᠵᠢᠯᠤᠭᠤ ᠰᠤᠩᠭᠠᠨ︕ ᠰᠤᠮᠤᠳᠠᠵᠦ ᠲᠠᠪᠬᠢᠨ᠎ᠠ︕      ᠠᠶᠢᠷᠠᠭ ᠴᠠᠭ᠎ᠠ ᠠᠩᠬᠢᠯᠤᠭᠰᠠᠨ ᠠᠭᠤᠳᠠᠮ ᠲᠠᠮᠤᠴᠢ ᠶᠢᠨ ᠵᠡᠬᠦᠨ ᠰᠦᠨᠢᠳ ᠠᠷᠪᠠᠨ ᠵᠦᠭ ᠤᠨ ᠬᠡᠶᠢᠴᠢᠳ ᠢᠶᠠᠨ ᠠᠷᠠᠳ ᠤᠨ ᠰᠠᠶᠢᠬᠠᠨ ᠲᠠᠭᠤᠤ᠂ ᠠᠮᠠ ᠴᠠᠭᠠᠨ ᠬᠠᠳᠠᠭ ᠲᠠᠢ ᠪᠠᠨ ᠤᠭᠳᠤᠨ ᠪᠠᠶᠢᠨᠠᠮ︕ ᠮᠤᠷᠢᠯᠠᠨ ᠰᠠᠭᠠᠳᠠᠭᠠᠷᠠᠢ︕ ᠡᠷᠬᠢᠮ ᠲᠠᠨ ᠤ ᠰᠤᠶᠤᠯ ᠤᠨ ᠠᠮᠢᠳᠤᠷᠠᠯ ᠳᠤ ᠴᠢᠨᠢ ᠨᠢᠬᠡᠨ ᠪᠠᠭᠴᠠ ᠴᠡᠴᠡᠭ ᠪᠤᠯᠵᠦ ᠠᠩᠬᠢᠯᠠᠬᠤ ᠪᠤᠯᠳᠤᠭᠠᠢ︕
 
ᠢᠷᠡᠯᠲᠡ᠄ ᠦᠨᠳᠦᠰᠦᠳᠡᠨ ᠱᠠᠰᠢᠨ ᠰᠤᠷᠳᠠᠬᠤᠨ ᠤ ᠬᠡᠷᠡᠭ ᠡᠷᠬᠢᠯᠡᠬᠦ ᠲᠤᠪᠴᠢᠶ᠎ᠠ ᠠᠴᠠ ᠬᠠᠨᠭ᠍ᠭᠠᠪᠠ᠃
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号