ᠠᠷᠪᠠᠨ ᠨᠢᠭᠡᠳᠦᠭᠡᠷ᠄ ᠲᠤᠳᠠᠪᠦ᠋ᠮᠡᠨ ︵1819 — 1878︶
ᠨᠡᠶᠢᠲᠡᠯᠡᠭᠰᠡᠨ ᠴᠠᠭ᠄
2010/10/6
         ᠠᠷᠪᠠᠨ ᠨᠢᠭᠡᠳᠦᠭᠡᠷ᠄ ᠲᠤᠳᠠᠪᠦ᠋ᠮᠡᠨ ︵1819 — 1878︶        ᠲᠤᠳᠠᠪᠦ᠋ᠮᠡᠨ ᠪᠤᠯ ᠰᠦᠨᠢᠳ ᠵᠡᠬᠦᠨ ᠭᠠᠷ ᠤᠨ ᠬᠤᠰᠢᠭᠤᠨ ᠤ ᠵᠠᠰᠠᠭ ᠲᠦᠷᠦ ᠶᠢᠨ ᠵᠢᠶᠦ᠋ᠨ ᠸᠠᠩ ᠤᠨ ᠴᠡᠸᠡᠭᠵᠠᠪ ᠤᠨ ᠬᠦᠤ᠃ ᠲᠡᠷᠢᠬᠦᠨ ᠵᠡᠷᠭᠡ ᠶᠢᠨ ᠲᠠᠶᠢᠵᠢ᠃ ᠲᠡᠷᠡ ᠡᠴᠢᠬᠡ ᠸᠠᠩ ᠴᠡᠸᠡᠭᠵᠠᠪ ᠨᠢ ᠨᠠᠰᠦ ᠪᠤᠯᠤᠭᠰᠠᠨ ᠤ ᠲᠠᠷᠠᠭ᠎ᠠ᠂ ᠰᠦᠨᠢᠳ ᠵᠡᠬᠦᠨ ᠭᠠᠷ ᠤᠨ ᠬᠤᠰᠢᠭᠤᠨ ᠤ ᠵᠠᠰᠠᠭ ᠲᠦᠷᠦ ᠶᠢᠨ ᠸᠠᠩ ᠤᠨ ᠰᠠᠭᠤᠷᠢᠨ ᠳᠤ ᠰᠠᠭᠤᠵᠦ᠂ ᠠᠷᠪᠠᠨ ᠨᠠᠢᠮᠠᠨ ᠵᠢᠯ ᠵᠠᠰᠠᠭ ᠪᠠᠷᠢᠭᠰᠠᠨ ᠬᠦᠮᠦᠨ᠃ ᠲᠤᠳᠠᠪᠦ᠋ᠮᠡᠨ ᠵᠠᠰᠠᠭ ᠸᠠᠩ᠂ ᠪᠠᠳᠠᠷᠠᠭᠤᠯᠳᠦ ᠲᠦᠷᠦ ᠶᠢᠨ ᠲᠦᠷᠪᠡᠳᠦᠭᠡᠷ ᠤᠨ ︵1878︶ ᠰᠢᠷ᠎ᠠ ᠪᠠᠷᠰ ᠵᠢᠯ ᠳᠤ ᠨᠠᠰᠦ ᠪᠠᠷᠠᠵᠠᠢ᠃        ᠲᠤᠳᠠᠪᠦ᠋ᠮᠡᠨ᠂ ᠰᠦᠨᠢᠳ ᠵᠡᠬᠦᠨ ᠭᠠᠷ ᠤᠨ ᠬᠤᠰᠢᠭᠤᠨ ᠤ ᠵᠠᠰᠠᠭ ᠲᠦᠷᠦ ᠶᠢᠨ ᠡᠷᠬᠡ ᠶᠢ ᠠᠳᠬᠤᠵᠦ ᠪᠠᠶᠢᠬᠤ ᠬᠤᠭᠤᠴᠠᠭᠠᠨ ᠳᠠᠭᠠᠨ ᠮᠠᠨᠵᠦ ᠠᠴᠠ ᠵᠠᠶᠢᠳᠠᠭᠤ ᠪᠠᠶᠢᠬᠤ ᠶᠢ ᠬᠡᠴᠢᠶᠡᠵᠦ᠂ ᠬᠤᠪᠢ ᠪᠠᠨ ᠰᠠᠬᠢᠵᠦ᠂ ᠦᠪᠡᠷ ᠢᠶᠠᠨ ᠮᠠᠨᠵᠦ ᠶᠢᠨ ᠬᠠᠭᠠᠨ ᠳᠤ ᠪᠠᠷᠠᠭᠠᠳᠠᠬᠤ ᠪᠠᠷ ᠤᠴᠢᠳᠠᠭ ᠦᠬᠡᠢ᠂ ᠵᠦᠪᠬᠡᠨ ᠲᠤᠤᠷᠠᠬᠢ ᠨᠤᠶᠠᠳ ᠲᠦᠰᠢᠮᠡᠳ ᠢᠶᠠᠨ ᠶᠠᠪᠤᠭᠤᠯᠵᠦ᠂ ᠶᠤᠰᠤᠨ ᠲᠡᠳᠦᠢ ᠠᠯᠪᠠ ᠬᠦᠢᠴᠡᠳᠬᠡᠵᠦ ᠪᠠᠶᠢᠵᠠᠢ᠃        ᠮᠠᠨᠵᠦ ᠶᠢᠨ ᠲᠦᠷᠦ ᠠᠴᠠ᠂ ᠰᠦᠨᠢᠳ ᠬᠤᠰᠢᠭᠤᠨ ᠳᠤ ᠶᠡᠷᠦ ᠠᠴᠠ ᠬᠠᠷᠠᠳᠠᠵᠦ ᠰᠡᠵᠢᠭᠯᠡᠬᠦ᠂ ᠰᠡᠷᠬᠡᠶᠢᠯᠡᠵᠦ ᠪᠤᠯᠭᠤᠮᠵᠢᠯᠠᠬᠤ᠂ ᠬᠠᠳᠠᠭᠤ ᠵᠦᠬᠡᠯᠡᠨ ᠠᠷᠭ᠎ᠠ ᠪᠤᠳᠤᠯᠭ᠎ᠠ ᠠᠪᠴᠤ ᠪᠠᠶᠢᠭᠰᠠᠨ ᠢ ᠲᠤᠳᠠᠪᠦ᠋ᠮᠡᠨ ᠲᠤᠳᠤ ᠰᠡᠷᠡᠵᠦ ᠮᠡᠳᠡᠭᠡᠳ᠂ ᠶᠡᠭᠡ ᠯᠡ ᠬᠡᠪ ᠢᠶᠠᠨ ᠰᠠᠬᠢᠭᠰᠠᠨ ᠶᠠᠩᠵᠦ ᠲᠠᠢ ᠵᠠᠰᠠᠭ ᠪᠠᠷᠢᠵᠦ ᠪᠠᠶᠢᠭᠰᠠᠨ ᠬᠦᠮᠦᠨ ᠭᠡᠳᠡᠭ᠃ ᠪᠠᠳᠠᠷᠠᠭᠤᠯᠳᠦ ᠲᠦᠷᠦ ᠶᠢᠨ ᠲᠡᠷᠢᠬᠦᠨ ᠤᠨ ︵1875︶ ᠳᠤ ᠵᠠᠰᠠᠭ ᠲᠦᠷᠦ ᠶᠢᠨ ᠵᠢᠶᠦ᠋ᠨ ᠸᠠᠩ ᠲᠤᠳᠠᠪᠦ᠋ᠮᠡᠨ ︽ᠠᠷᠪᠢᠵᠢᠬᠤ︾ ᠬᠡᠮᠡᠬᠦ ᠭᠠᠵᠠᠷ᠂ ᠲᠠᠪᠢᠨ ᠨᠢᠬᠡ ᠵᠢᠩ ᠤᠨ ᠲᠤᠮᠤ ᠲᠤᠭᠠᠡᠭ ᠲᠠᠢ ᠨᠢᠬᠡᠨ ᠰᠦᠮ᠎ᠡ ᠪᠠᠶᠢᠭᠤᠯᠵᠦ᠂ ᠮᠠᠨᠵᠦ ᠶᠢᠨ ᠬᠠᠭᠠᠨ ᠳᠤ ᠠᠶᠢᠯᠠᠳᠬᠠᠨ ᠡᠷᠬᠦᠵᠦ ᠨᠡᠷ᠎ᠡ ᠭᠤᠶᠤᠭᠰᠠᠨ ᠳᠤ ︽ᠰᠠᠶᠢᠨ ᠢᠶᠠᠷ ᠬᠡᠶᠢᠭᠴᠢ ᠰᠦᠮ᠎ᠡ︾ ᠬᠡᠮᠡᠨ ᠨᠡᠷ᠎ᠡ ᠤᠯᠭᠤᠵᠦ᠂ ᠠᠷᠪᠠᠨ ᠬᠠᠷᠢᠶᠠᠳᠤ ᠱᠠᠪᠢ ᠱᠠᠩᠨᠠᠵᠠᠢ᠃ ᠡᠨᠡᠬᠦ ᠰᠦᠮ᠎ᠡ ᠶᠢᠨ ᠭᠤᠤᠯ ᠰᠢᠳᠦᠬᠡᠨ ᠨᠢ ᠲᠠᠮᠳᠢᠨ ᠭᠤᠮᠪᠦ ᠪᠤᠷᠬᠠᠨ ᠪᠤᠯᠤᠮ 108 ᠪᠤᠳ᠋ ᠠᠯᠳᠠᠨ ᠭᠠᠨᠵᠤᠤᠷ ᠨᠤᠮ ᠪᠤᠯᠤᠨ᠎ᠠ᠃        ᠲᠤᠳᠠᠪᠦ᠋ᠮᠡᠨ ᠸᠠᠩ ︽ᠰᠠᠶᠢᠨ ᠢᠶᠠᠷ ᠬᠡᠶᠢᠭᠴᠢ ᠰᠦᠮ᠎ᠡ︾ ᠲᠠᠷᠦᠢ ᠬᠦᠷᠢᠶ᠎ᠡ ᠰᠦᠮ᠎ᠡ ᠳᠤ᠂ ᠬᠤᠰᠢᠭᠤ ᠶᠠᠮᠤᠨ ᠤ ᠰᠦᠯᠳᠡ ᠶᠢᠨ ᠰᠢᠳᠦᠬᠡᠨ ᠢ ᠵᠠᠯᠠᠵᠦ ᠲᠠᠬᠢᠭᠰᠠᠨ ᠪᠤᠯᠬᠤᠷ᠂ ᠬᠤᠰᠢᠭᠤ ᠸᠠᠩ ᠤᠨ ᠰᠢᠳᠦᠬᠡᠨ ᠤ ᠰᠦᠮ᠎ᠡ ᠪᠤᠯᠬᠤ ᠲᠤᠯᠠ᠂ ᠱᠠᠰᠢᠨ ᠲᠦᠷᠦ ᠬᠤᠤᠰᠯᠠᠭᠰᠠᠨ ᠤᠨᠴᠠ ᠡᠷᠬᠡ ᠲᠠᠢ ᠰᠦᠮ᠎ᠡ ᠪᠤᠯᠤᠨ ᠬᠦᠭᠵᠢᠵᠡᠢ᠃ ᠲᠤᠰ ᠰᠦᠮ᠎ᠡ ᠶᠢᠨ ᠵᠡᠬᠦᠨ ᠵᠢᠰᠡ ᠶᠢᠨ ᠡᠬᠦᠳᠡᠨ ᠲᠡᠭᠡᠷ᠎ᠡ ᠪᠠᠨ ᠬᠠᠷ᠎ᠠ ᠲᠠᠰᠢᠭᠤᠷ ᠡᠯᠬᠦᠵᠦ᠂ ᠬᠠᠷ᠎ᠠ ᠰᠢᠷ᠎ᠠ ᠶᠢᠨ ᠵᠠᠷᠭᠤ ᠶᠢ ᠬᠡᠵᠢᠶ᠎ᠡ ᠴᠤ ᠰᠢᠬᠦᠨ ᠲᠠᠰᠤᠯᠬᠤ ᠤᠨᠴᠠ ᠡᠷᠬᠡ ᠤᠯᠭᠤᠵᠠᠢ᠃        1878 ᠤᠨ ᠳᠤ ᠲᠤᠳᠠᠪᠦ᠋ᠮᠡᠨ ᠸᠠᠩ ᠨᠠᠰᠤ ᠪᠠᠷᠠᠭᠰᠠᠨ ᠤ ᠲᠠᠷᠠᠭ᠎ᠠ᠂ ᠬᠦᠷᠢᠶ᠎ᠡ ᠰᠦᠮ᠎ᠡ ᠠᠴᠠ ᠲᠤᠰᠬᠠᠢ ᠨᠢᠬᠡᠨ ᠴᠠᠭᠠᠨ ᠰᠤᠪᠤᠷᠭ᠎ᠠ ᠪᠤᠰᠬᠠᠵᠦ᠂ ᠵᠢᠯ ᠵᠢᠯ ᠲᠠᠬᠢᠯᠭ᠎ᠠ ᠬᠢᠵᠦ᠂ ᠲᠤᠳᠠᠪᠦ᠋ᠮᠡᠨ ᠸᠠᠩ ᠢ ᠲᠤᠷᠠᠰᠬᠠᠳᠠᠭ ᠪᠠᠶᠢᠵᠠᠢ᠃        ᠲᠤᠳᠠᠪᠦ᠋ᠮᠡᠨ ᠸᠠᠩ ᠢ ᠨᠤᠳᠤᠭ ᠤᠨ ᠬᠢᠨ ︽ᠭᠡᠪ ᠢᠶᠠᠨ ᠰᠠᠬᠢᠭᠰᠠᠨ ᠬᠡᠷᠰᠡᠤ ᠸᠠᠩ︾ ᠬᠡᠵᠦ ᠬᠡᠯᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号