ᠵᠢᠷᠭᠤᠭ᠎ᠠ᠄ ᠴᠡᠷᠡᠨᠭᠤᠮᠪᠤ ︵1720 — 1767︶
ᠨᠡᠶᠢᠲᠡᠯᠡᠭᠰᠡᠨ ᠴᠠᠭ᠄
2010/10/6
        ᠵᠢᠷᠭᠤᠭ᠎ᠠ᠄ ᠴᠡᠷᠡᠨᠭᠤᠮᠪᠤ ︵1720 — 1767︶       ᠴᠡᠷᠡᠨᠭᠤᠮᠪᠤ ᠪᠤᠯ ᠰᠦᠨᠢᠳ ᠵᠡᠬᠦᠨ ᠭᠠᠷ ᠤᠨ ᠬᠤᠰᠢᠭᠤᠨ ᠤ ᠵᠠᠰᠠᠭ ᠲᠦᠷᠦ ᠶᠢᠨ ᠵᠢᠶᠦ᠋ᠨ ᠸᠠᠩ — ᠸᠠᠩᠴᠢᠨ ᠤ ᠠᠬᠠᠮᠠᠳ ᠬᠦᠪᠡᠬᠦᠨ — ᠲᠡᠷᠢᠬᠦᠨ ᠵᠡᠷᠭᠡ ᠶᠢᠨ ᠲᠠᠶᠢᠵᠢ ᠪᠠᠶᠢᠵᠠᠢ᠃ ᠲᠡᠷᠡ ᠡᠴᠢᠬᠡ ᠪᠠᠨ ᠨᠠᠰᠦ ᠪᠠᠷᠠᠭᠰᠠᠨ ᠤ ᠲᠠᠷᠠᠭ᠎ᠠ᠂ ᠲᠡᠭᠷᠢ ᠲᠡᠳᠬᠦᠭᠴᠢ ᠶᠢᠨ ᠬᠤᠷᠢᠨ ᠨᠠᠢᠮᠠᠳᠤᠭᠠᠷ ᠤᠨ ︵1763 ᠤᠨ︶ ᠳᠤ ᠰᠦᠨᠢᠳ ᠵᠡᠬᠦᠨ ᠭᠠᠷ ᠤᠨ ᠬᠤᠰᠢᠭᠤᠨ ᠤ ᠵᠠᠰᠠᠭ ᠲᠦᠷᠦ ᠶᠢᠨ ᠵᠢᠶᠦ᠋ᠨ ᠸᠠᠩ ᠤᠨ ᠰᠠᠭᠤᠷᠢᠨ ᠳᠤ ᠰᠠᠭᠤᠵᠦ ᠬᠤᠰᠢᠭᠤ ᠵᠠᠰᠠᠭ ᠸᠠᠩ ᠪᠤᠯᠵᠠᠢ᠃ ᠲᠡᠷᠡ ᠴᠢᠶᠠᠨ ᠴᠢᠩ ᠮᠧᠨ ᠬᠠᠭᠠᠯᠭ᠎ᠠ ᠳᠤ ᠵᠢᠱᠢᠶᠠᠨ ᠤ ᠡᠬᠦᠷᠬᠡ ᠶᠢ ᠬᠤᠶᠠᠷ ᠵᠢᠯ ᠬᠦᠢᠴᠡᠳᠬᠡᠵᠦ᠂ ᠲᠡᠭᠷᠢ ᠲᠡᠳᠬᠦᠭᠴᠢ ᠶᠢᠨ ᠭᠤᠴᠢᠨ ᠨᠢᠬᠡᠨ ᠤᠨ ︵1766︶ ᠳᠤ ᠰᠢᠯᠢ ᠶᠢᠨ ᠭᠤᠤᠯ ᠴᠢᠭᠤᠯᠭᠠᠨ ᠤ ᠲᠡᠳ᠋ ᠴᠢᠭᠤᠯᠭᠠᠨ ᠲᠠᠷᠤᠭ᠎ᠠ ᠶᠢᠨ ᠲᠤᠰᠢᠶᠠᠯ ᠬᠦᠷᠳᠡᠵᠦ᠂ ᠲᠡᠳ᠋ ᠴᠢᠭᠤᠯᠭᠠᠨ ᠲᠠᠷᠤᠭ᠎ᠠ ᠶᠢᠨ ᠠᠯᠪᠠ ᠡᠬᠦᠷᠭᠡ ᠶᠢ ᠶᠤᠰᠤᠴᠢᠯᠠᠨ ᠬᠦᠢᠴᠡᠳᠬᠡᠵᠦ ᠪᠠᠶᠢᠭᠠᠳ᠂ ᠬᠡᠨᠡᠳᠳᠡ ᠶᠢᠨ ᠡᠪᠡᠳᠴᠢᠨ ᠢᠶᠠᠷ 1767 ᠤᠨ ᠤ ᠡᠪᠦᠯ ᠨᠠᠰᠤ ᠪᠠᠷᠠᠵᠠᠢ᠃        ᠴᠡᠷᠡᠨᠭᠤᠮᠪᠤ ᠬᠤᠰᠢᠭᠤ ᠵᠠᠰᠠᠭ ᠪᠠᠷᠢᠵᠦ ᠪᠠᠶᠢᠭᠰᠠᠨ ᠬᠤᠭᠤᠴᠠᠭᠠᠨ ᠳᠠᠭᠠᠨ᠂ ᠰᠢᠷ᠎ᠠ ᠶᠢᠨ ᠱᠠᠰᠢᠨ ᠲᠡᠯᠭᠡᠷᠡᠬᠦᠯᠬᠦ ᠶᠢ ᠶᠡᠬᠡᠳᠡ ᠲᠠᠮᠵᠢᠵᠦ᠂ ᠬᠤᠰᠢᠭᠤ ᠨᠤᠳᠤᠭ ᠲᠠᠭᠠᠨ ᠰᠦᠮ᠎ᠡ ᠬᠤᠷᠠᠯ ᠪᠠᠶᠢᠭᠤᠯᠬᠤ ᠶᠢ ᠵᠤᠷᠢᠭᠵᠢᠭᠤᠯᠵᠦ ᠂ ᠤᠯᠠᠨ ᠰᠦᠮ᠎ᠡ ᠬᠤᠷᠠᠯ ᠵᠠᠯᠭᠠᠭ᠎ᠠ ᠪᠠᠷ ᠪᠠᠶᠢᠭᠤᠯᠤᠭᠳᠠᠵᠦ᠂ ᠱᠠᠰᠢᠨ ᠤ ᠦᠢᠯᠡ ᠶᠢ ᠬᠦᠭᠵᠢᠬᠦᠯᠬᠦ ᠳᠤ ᠬᠦᠴᠦᠨ ᠵᠢᠳᠬᠦᠵᠦ ᠶᠠᠪᠤᠵᠠᠢ᠃        ᠴᠡᠷᠢᠭᠤᠮᠪᠤ ᠪᠤᠯ ᠬᠤᠷᠳᠤᠨ ᠮᠤᠷᠢᠨ ᠳᠤ ᠲᠤᠷᠠᠳᠠᠢ᠂ ᠠᠡᠭ ᠬᠦᠷᠦᠬᠡ ᠬᠢᠬᠦ ᠪᠠᠭ᠋ᠠᠳᠠᠢ᠃ ᠲᠡᠷᠡ ᠨᠢᠬᠡ ᠤᠳᠠᠭ᠎ᠠ᠂ ᠬᠤᠰᠢᠭᠤ ᠶᠠᠮᠤᠨ ᠤ ᠪᠦᠬᠦ ᠴᠡᠷᠢᠭ ᠢᠶᠠᠨ ᠬᠦᠳᠡᠯᠬᠡᠵᠦ᠂ ᠭᠤᠷᠪᠠᠨ ᠡᠳᠦᠷ ᠤᠨ ᠶᠡᠭᠡ ᠬᠦᠷᠢᠶ᠎ᠡ ᠠᠪᠠ ᠬᠢᠵᠠᠢ᠃ ᠠᠡᠭ ᠤᠨ ᠤᠯᠵᠠ ᠰᠠᠶᠢᠨ ᠪᠤᠯᠬᠤᠷ᠂ ᠦᠷᠬᠦᠯᠵᠢᠯᠡᠨ ᠲᠤᠯᠤᠭᠠᠨ ᠡᠳᠦᠷ ᠠᠪᠠᠯᠠᠵᠦ᠂ ᠵᠡᠭᠡᠷ᠎ᠡ ᠬᠦᠷᠦᠭᠡᠰᠦ᠂ ᠴᠢᠨ᠋ᠸ᠎ᠠ ᠦᠨᠡᠭᠡ ᠵᠡᠷᠭᠡ ᠠᠪᠠ ᠶᠢᠨ ᠤᠯᠵᠠ ᠲᠠᠢ ᠪᠤᠴᠠᠵᠦ ᠢᠷᠡᠵᠡᠢ᠃ ᠡᠨᠡ ᠤᠴᠢᠷ ᠢ ᠰᠢᠯᠢ ᠶᠢᠨ ᠭᠤᠤᠯ ᠤᠨ ᠴᠢᠭᠤᠯᠭᠠᠨ ᠲᠠᠷᠤᠭ᠎ᠠ ᠮᠡᠳᠡᠭᠡᠳ᠂ ᠮᠠᠨᠵᠦ ᠶᠢᠨ ᠬᠠᠭᠠᠨ ᠳᠤ ᠮᠡᠳᠡᠬᠦᠯᠦᠭᠰᠡᠨ ᠳᠤ᠂ ᠮᠠᠨᠵᠦ ᠶᠢᠨ ᠬᠠᠭᠠᠨ ᠶᠡᠬᠡᠳᠡ ᠰᠡᠵᠢᠭ ᠲᠦᠷᠦᠵᠦ ︽ᠮᠤᠩᠭᠤᠯᠴᠤᠳ ᠢ ᠶᠡᠭᠡ ᠬᠡᠪᠴᠢᠶᠡᠨ ᠤ ᠬᠦᠷᠢᠶ᠎ᠡ ᠠᠪᠠ ᠬᠢᠬᠦ ᠶᠢ ᠴᠠᠭᠠᠵᠠᠯᠠᠬᠤ︾ ᠵᠠᠷᠯᠢᠭ ᠪᠠᠭᠤᠯᠭᠠᠭᠰᠠᠨ ᠬᠡᠳᠡᠭ᠃ ᠡᠬᠦᠨ ᠠᠴᠠ ᠬᠤᠶᠢᠰᠢ ᠴᠡᠷᠡᠨᠭᠤᠮᠪᠤ᠂ ᠮᠠᠨᠵᠦ ᠶᠢᠨ ᠬᠠᠭᠠᠨ ᠳᠤ ᠮᠠᠰᠢ ᠲᠤᠷ᠎ᠠ ᠦᠬᠡᠶᠢᠴᠡᠵᠦ ᠂ ᠮᠠᠨᠵᠦ ᠶᠢᠨ ᠬᠠᠭᠠᠨ ᠳᠤ ᠬᠤᠶᠠᠷ ᠵᠢᠯ ᠠᠯᠪᠠ ᠲᠤᠰᠢᠶᠠᠭᠰᠠᠨ ᠦᠬᠡᠢ ᠪᠠᠶᠢᠵᠠᠢ᠃ ᠰᠡᠬᠦᠯᠡᠷ ᠨᠢ ᠮᠠᠨᠴᠤᠳ ᠴᠡᠷᠢᠭᠤᠮᠪᠤ ᠳᠤ ᠬᠠᠳᠠᠭᠤ ᠰᠢᠷᠦᠬᠦᠨ ᠬᠠᠨᠳᠤᠵᠦ ᠪᠤᠯᠬᠤ ᠦᠬᠡᠢ ᠶᠢ ᠰᠡᠷᠢᠵᠦ ᠮᠡᠳᠡᠭᠡᠳ᠂ ᠰᠢᠯᠢ ᠶᠢᠨ ᠭᠤᠤᠯ ᠤᠨ ᠴᠢᠭᠤᠯᠭᠠᠨ ᠤ ᠲᠡᠳ᠋ ᠲᠠᠷᠤᠭ᠎ᠠ ᠪᠠᠷ ᠲᠤᠮᠢᠯᠠᠵᠦ᠂ ᠨᠢᠬᠡ ᠵᠢᠯ ᠢᠯᠡᠬᠦᠤ ᠲᠤᠰᠢᠶᠠᠯ ᠬᠠᠷᠢᠭᠤᠴᠠᠵᠠᠢ᠃        ᠲᠡᠷᠡ ᠦᠶ᠎ᠡ ᠶᠢᠨ ᠮᠠᠨᠵᠦ ᠶᠢᠨ ᠬᠠᠭᠠᠨ᠂ ᠰᠦᠨᠢᠳ ᠤᠨ ᠲᠠᠩᠭᠢᠰ ᠮᠡᠷᠭᠡᠨ ᠸᠠᠩ ᠤᠨ ᠪᠤᠰᠤᠯᠭ᠎ᠠ ᠠᠴᠠ ᠬᠤᠶᠢᠰᠢ᠂ ᠰᠦᠨᠢᠳ ᠤᠨ ᠵᠠᠰᠠᠭ ᠸᠠᠩ ᠨᠠᠷ ᠲᠤ᠂ ᠬᠠᠳᠠᠭᠤ ᠵᠦᠬᠡᠯᠡᠨ ᠠᠷᠭ᠎ᠠ ᠬᠡᠷᠡᠭᠯᠡᠵᠦ᠂ ᠶᠡᠭᠡ ᠰᠡᠵᠢᠭ ᠲᠦᠷᠦᠳᠡᠭ ᠪᠠᠶᠢᠵᠠᠢ᠃
 
ᠢᠷᠡᠯᠲᠡ᠄ ︽ᠰᠦᠨᠢᠳ ᠵᠡᠬᠦᠨ ᠬᠤᠰᠢᠭᠤᠨ ᠤ ᠨᠡᠷᠡᠳᠦ ᠬᠦᠮᠦᠰ ᠤᠨ ᠴᠠᠳᠢᠭ︾ ᠬᠡᠬᠦ ᠨᠤᠮ ᠠᠴᠠ ᠬᠠᠨᠭ᠍ᠭᠠᠪᠠ᠃
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号