ᠬᠤᠶᠠᠳᠤᠭᠠᠷ ᠸᠠᠩ᠄ ᠲᠠᠩᠬᠢᠳᠠᠢ ︵1613 — 1663︶
ᠨᠡᠶᠢᠲᠡᠯᠡᠭᠰᠡᠨ ᠴᠠᠭ᠄
2010/10/6
        ᠬᠤᠶᠠᠳᠤᠭᠠᠷ ᠸᠠᠩ᠄ ᠲᠠᠩᠬᠢᠳᠠᠢ ︵1613 — 1663︶       ᠲᠠᠩᠬᠢᠳᠠᠢ ᠪᠤᠯ ᠲᠠᠩᠭᠢᠰ ᠮᠡᠷᠬᠡᠨ ᠸᠠᠩ ᠤᠨ ᠲᠡᠬᠦᠤ᠂ ᠲᠡᠬᠡᠳᠦ ᠡᠷᠳᠡᠮᠳᠦ ᠶᠢᠨ ᠵᠢᠷᠭᠤᠳᠤᠭᠠᠷ ᠤᠨ ︵1641︶ ᠳᠤ ᠰᠦᠨᠢᠳ ᠵᠡᠬᠦᠨ ᠭᠠᠷᠤᠨ ᠬᠤᠰᠢᠭᠤᠨ ᠤ ᠬᠠᠮᠤᠭ ᠠᠩᠬᠠᠨ ᠤ ᠲᠦᠷᠦ ᠶᠢᠨ ᠪᠡᠶᠢᠯᠡ ᠡᠷᠬᠦᠮᠵᠢᠯᠡᠭᠳᠡᠵᠡᠢ᠃        ᠲᠠᠩᠬᠢᠳᠠᠢ᠂ ᠲᠦᠷᠦᠭᠰᠡᠨ ᠠᠬ᠎ᠠ ᠮᠡᠷᠬᠡᠨ ᠸᠠᠩ ᠲᠠᠢ ᠪᠠᠨ ᠡᠶ᠎ᠡ ᠵᠤᠵᠠᠭᠠᠨ᠂ ᠦᠬᠡ ᠶᠠᠷᠢᠶ᠎ᠠ ᠲᠠᠭᠠᠷᠠᠵᠦ ᠦᠵᠡᠯ ᠪᠤᠳᠤᠯ ᠨᠡᠶᠢᠯᠡᠳᠡᠭ ᠬᠦᠮᠦᠨ ᠪᠠᠶᠢᠭᠰᠠᠨ ᠠᠴᠠ ᠲᠠᠩᠭᠢᠰ ᠮᠡᠷᠭᠡᠨ ᠸᠠᠩ ᠤᠨ ᠮᠠᠨᠵᠦ ᠶᠢᠨ ᠡᠰᠡᠷᠬᠦᠣ ᠪᠤᠰᠤᠯᠭ᠎ᠠ ᠪᠦᠬᠦ ᠦᠢᠯᠡ ᠬᠡᠷᠡᠭ ᠲᠤ ᠢᠳᠡᠪᠬᠢᠳᠡᠢ ᠤᠷᠤᠯᠴᠠᠵᠦ ᠵᠤᠬᠢᠶᠠᠨ ᠪᠠᠶᠢᠭᠤᠯᠵᠦ᠂ ᠴᠡᠷᠢᠭ ᠮᠤᠷᠢ ᠵᠢᠯᠤᠭᠤᠳᠤᠨ ᠠᠷᠠᠳ ᠤᠯᠠᠨ ᠢ ᠲᠠᠶᠢᠴᠢᠯᠠᠨ ᠤᠮᠠᠷᠠᠰᠢ ᠨᠡᠬᠦᠨ ᠰᠢᠯᠵᠢᠬᠦ ᠠᠵᠢᠯ ᠢ ᠤᠳᠦᠷᠢᠳᠦᠨ ᠪᠤᠰᠤᠯᠭ᠎ᠠ ᠶᠢᠨ ᠪᠦᠬᠦ ᠠᠵᠢᠯ ᠳᠤᠨᠢ ᠶᠡᠬᠡᠬᠡᠨ ᠬᠦᠴᠦ ᠦᠭᠴᠦ ᠪᠠᠶᠢᠭᠰᠠᠨ ᠬᠦᠮᠦᠨ ᠤ ᠨᠢᠬᠡ ᠨᠢ ᠪᠠᠶᠢᠵᠠᠢ᠃ ᠲᠠᠩᠭᠢᠳᠠᠢ ᠪᠤᠯ ᠯᠠᠪᠳᠠᠭᠤᠨ ᠬᠢᠨᠠᠮᠠᠭᠠᠢ᠂ ᠪᠤᠳᠤᠯ ᠴᠢᠩᠭ᠎ᠠ᠂ ᠰᠦᠰᠦ ᠵᠤᠷᠢᠭᠳᠠᠢ᠂ ᠬᠦᠨ ᠪᠤᠳᠤᠯᠭ᠎ᠠ ᠲᠠᠢ ᠬᠦᠮᠦᠨ ᠪᠠᠶᠢᠵᠦ᠂ ᠠᠬ᠎ᠠ ᠲᠠᠩᠭᠢᠰ ᠮᠡᠷᠬᠡᠨ ᠸᠠᠩ ᠪᠤᠯᠤᠨ ᠲᠠᠶᠢᠵᠢ᠂ ᠨᠤᠶᠤᠳ ᠲᠠᠢ ᠪᠠᠨ ᠡᠪ ᠨᠠᠶᠢᠷ ᠰᠠᠶᠢᠨ᠂ ᠶᠡᠭᠡ ᠬᠦᠷᠢᠶᠡᠯᠡᠯ ᠲᠠᠢ ᠪᠤᠯᠬᠤᠷ ᠪᠦᠬᠦ ᠰᠦᠨᠢᠳ ᠵᠡᠬᠦᠨ ᠭᠠᠷᠤᠨ ᠬᠤᠰᠢᠭᠤᠨ ᠤ ᠬᠦᠮᠦᠨ ᠠᠷᠠᠳ ᠤᠨ ᠲᠤᠮᠳᠠ ᠶᠡᠭᠡ ᠨᠦᠯᠦᠬᠡ ᠲᠠᠢ᠂ ᠢᠳᠡᠬᠡᠯ ᠬᠦᠷᠢᠶᠡᠯᠡᠯ ᠢ ᠤᠯᠵᠠᠢ᠃ ᠲᠠᠩᠬᠢᠰ ᠮᠠᠨᠵᠦ ᠶᠢᠨ ᠬᠠᠷᠢᠶᠠᠨ ᠳᠤ ᠤᠷᠤᠵᠦ ᠢᠷᠡᠭᠰᠡᠨ ᠠᠴᠠ ᠨᠠᠰᠢ ᠮᠠᠨᠵᠦ ᠠᠴᠠ ᠮᠤᠩᠭᠤᠯ ᠳᠤ ᠠᠪᠤᠭᠰᠠᠨ ᠢᠯᠪᠢᠨ ᠲᠠᠭᠠᠭᠤᠯᠬᠤ ᠬᠠᠳᠠᠭᠤ ᠵᠦᠬᠡᠯᠡᠨ ᠠᠷᠭ᠎ᠠ ᠪᠤᠳᠤᠯᠭ᠎ᠠ ᠪᠤᠯᠤᠨ ᠲᠡᠭᠡᠷᠡᠮᠳᠡᠯ᠂ ᠲᠤᠷᠤᠮᠵᠢᠯᠠᠯ᠂ ᠬᠢᠵᠠᠭᠠᠷᠯᠠᠯ ᠳᠤ ᠮᠠᠰᠢ ᠲᠤᠷ᠎ᠠ ᠦᠬᠡᠶᠢᠴᠡᠵᠦ᠂ ᠮᠠᠨᠵᠦ ᠶᠢ ᠲᠠᠭᠠᠭᠰᠠᠨ ᠢᠶᠠᠨ ᠨᠢᠬᠡ ᠶᠡᠭᠡ ᠠᠯᠳᠠᠰᠢ ᠬᠡᠵᠦ ᠦᠵᠡᠳᠡᠭ ᠬᠦᠮᠦᠨ ᠤ ᠨᠢᠬᠡ  ᠨᠢ ᠪᠠᠶᠢᠵᠠᠢ᠃ ᠡᠶᠢᠮᠦ ᠠᠴᠠ ᠲᠡᠷᠡ ᠠᠬ᠎ᠠ ᠲᠠᠩᠬᠢᠰ ᠮᠡᠷᠬᠡᠨ ᠸᠠᠩ ᠤᠨ ᠢᠶᠠᠨ ᠮᠠᠨᠵᠦ ᠠᠴᠠ ᠰᠠᠯᠵᠦ᠂ ᠮᠠᠨᠵᠦ ᠶᠢᠨ ᠡᠰᠡᠷᠬᠦᠤ ᠪᠤᠰᠤᠯᠭ᠎ᠠ ᠭᠠᠷᠭᠠᠬᠤ ᠪᠦᠬᠦ ᠦᠢᠯᠡ ᠠᠵᠢᠯᠯᠠᠭ᠎ᠠ ᠶᠢ ᠬᠦᠴᠦᠳᠡᠢ ᠲᠤᠰᠠᠯᠠᠳᠠᠭ ᠭᠤᠤᠯ ᠬᠦᠮᠦᠨ ᠮᠦᠨ᠃        ᠡᠶᠡᠪᠡᠷ ᠵᠠᠰᠠᠭᠴᠢ ᠶᠢᠨ ᠭᠤᠷᠪᠠᠳᠤᠭᠠᠷ ᠤᠨ ︵1646︶ ᠤ ᠵᠤᠨ ᠮᠠᠨᠵᠦ ᠬᠦᠷᠦᠨ ᠢ ᠰᠤᠴᠢᠭᠠᠭᠰᠠᠨ ︽ᠲᠠᠩᠭᠢᠰ ᠤᠨ ᠪᠤᠰᠤᠯᠭ᠎ᠠ︾ ᠡᠬᠦᠰᠪᠡ᠃ ᠡᠨᠡ ᠨᠢ ᠲᠡᠤᠬᠡ ᠰᠤᠳᠤᠷ ᠲᠤ ᠲᠡᠮᠳᠡᠭᠯᠡᠭᠳᠡᠭᠰᠡᠨ ︽ᠲᠠᠩᠭᠢᠰ ᠤᠨ ᠤᠷᠪᠠᠯᠭᠠᠨ︾ ︽ᠲᠠᠩᠭᠢᠰ ᠤᠨ ᠬᠡᠷᠡᠭ ᠬᠤᠪᠢᠰᠦᠯ︾ ᠬᠡᠳᠡᠭ ᠲᠤᠮᠤᠬᠠᠨ ᠤᠴᠢᠷ ᠪᠤᠯᠤᠨ᠎ᠠ᠃ ᠡᠨᠡ ᠤᠳᠠᠭᠠᠨ ᠤ ︽ᠲᠠᠩᠭᠢᠰ ᠤᠨ ᠪᠤᠰᠤᠯᠭ᠎ᠠ︾ ᠶᠢ ᠲᠠᠷᠤᠩᠭᠤᠶᠢᠯᠠᠬᠤ ᠴᠢᠩ ᠤᠨ ᠶᠡᠭᠡ ᠴᠡᠷᠢᠭ ᠲᠠᠩᠭᠢᠰ ᠢ ᠲᠤᠤᠯᠠ ᠭᠤᠤᠯ ᠳᠤ ᠨᠡᠬᠡᠮᠵᠢᠯᠡᠨ ᠴᠤᠬᠢᠬᠤ ᠶᠡᠭᠡ ᠪᠠᠶᠢᠯᠳᠤᠭᠠᠨ ᠳᠤ ᠲᠠᠩᠭᠢᠳᠠᠢ ᠶᠢᠨ ᠬᠦᠤ ᠲᠤᠷᠵᠢ ᠶᠢ ᠪᠠᠷᠢᠪᠴᠢᠯᠠᠵᠦ ᠣᠭ ᠭᠠᠵᠠᠷ ᠲᠤᠨᠢ ᠴᠠᠪᠴᠢᠵᠦ ᠠᠯᠠᠵᠠᠢ᠃        ᠲᠠᠩᠭᠢᠰ ᠤᠨ ᠪᠤᠰᠤᠯᠭ᠎ᠠ ᠴᠢᠩ ᠬᠦᠷᠦᠨ ᠤ ᠶᠡᠭᠡ ᠴᠡᠷᠢᠭ ᠤᠨ ᠴᠢᠰᠦᠳᠦ ᠲᠠᠷᠤᠩᠭᠤᠶᠢᠯᠠᠯ ᠳᠤ ᠢᠯᠠᠭᠳᠠᠵᠦ ᠂ ᠲᠠᠩᠭᠢᠰ ᠤᠨ ᠬᠠᠷᠢᠶᠠᠳᠦ ᠰᠦᠨᠢᠳ ᠵᠡᠬᠦᠨ ᠭᠠᠷᠤᠨ ᠬᠤᠰᠢᠭᠤᠨ ᠲᠠᠬᠢᠵᠦ ᠮᠠᠨᠵᠦ ᠳᠤ ᠡᠷᠬᠡᠰᠢᠶᠡᠭᠳᠡᠵᠡᠢ᠃ ᠮᠠᠨᠵᠦ ᠠᠴᠠ ᠲᠠᠩᠬᠢᠳᠠᠢ ᠶᠢᠨ ᠨᠦᠯᠦᠬᠡ ᠶᠢ ᠪᠤᠳᠤᠯᠬᠢᠯᠠᠵᠦ ᠰᠦᠨᠢᠳᠴᠤᠳ ᠢ ᠡᠷᠬᠡᠰᠢᠶᠡᠬᠦ ᠶᠢᠨ ᠲᠤᠯᠠᠳᠠ ᠲᠠᠩᠭᠢᠳᠠᠢ ᠶᠢᠨ ᠠᠬ᠎ᠠ ᠪᠠᠨ ᠲᠠᠭᠠᠵᠦ ᠪᠤᠰᠤᠯᠭ᠎ᠠ ᠭᠠᠷᠭᠠᠭᠰᠠᠨ ᠶᠠᠯ᠎ᠠ ᠶᠢ ᠠᠭᠤᠴᠢᠯᠠᠨ ᠡᠶᠡᠪᠡᠷ ᠵᠠᠰᠠᠭᠴᠢ ᠶᠢᠨ ᠲᠠᠪᠤᠳᠤᠭᠠᠷ ᠤᠨ ︵1648︶ ᠳᠤ ᠰᠦᠨᠢᠳ ᠵᠡᠬᠦᠨ ᠭᠠᠷᠤᠨ ᠬᠤᠰᠢᠭᠤᠨ ᠤ ᠵᠠᠰᠠᠭ ᠲᠦᠷᠦ ᠶᠢᠨ ᠵᠢᠶᠦ᠋ᠨ ᠸᠠᠩ ᠤᠨ ᠬᠡᠷᠬᠡᠮ ᠢ ᠵᠠᠯᠭᠠᠮᠵᠢᠯᠠᠭᠤᠯᠪᠠᠢ᠃ ᠲᠠᠩᠭᠢᠳᠠᠢ ᠠᠷᠪᠠᠨ ᠵᠢᠷᠭᠤᠭᠠᠨ ᠵᠢᠯ ᠵᠠᠰᠠᠭ ᠲᠦᠷᠦ ᠶᠢᠨ ᠵᠢᠶᠦ᠋ᠨ ᠸᠠᠩ ᠰᠠᠭᠤᠵᠦ 1663 ᠤᠨ ᠳᠤ ᠨᠠᠰᠦ ᠪᠤᠯᠵᠠᠢ᠃
 
ᠢᠷᠡᠯᠲᠡ᠄ ︽ᠰᠦᠨᠢᠳ ᠵᠡᠬᠦᠨ ᠬᠤᠰᠢᠭᠤᠨ ᠤ ᠨᠡᠷᠡᠳᠦ ᠴᠤᠤᠳᠦ ᠬᠦᠮᠦᠰ ᠤᠨ ᠴᠠᠳᠢᠭ︾ ᠬᠡᠬᠦ ᠨᠤᠮ ᠠᠴᠠ ᠬᠠᠨᠭ᠍ᠭᠠᠪᠠ᠃
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号