ᠨᠢᠬᠡᠳᠦᠭᠡᠷ ᠸᠠᠩ᠄ ᠲᠠᠩᠭᠢᠰ ᠮᠡᠷᠬᠡᠨ ᠸᠠᠩ ︵1585 — 1649︶
ᠨᠡᠶᠢᠲᠡᠯᠡᠭᠰᠡᠨ ᠴᠠᠭ᠄
2010/10/6
        ᠨᠢᠬᠡᠳᠦᠭᠡᠷ ᠸᠠᠩ᠄ ᠲᠠᠩᠭᠢᠰ ᠮᠡᠷᠬᠡᠨ ᠸᠠᠩ ︵1585 — 1649︶       ᠲᠠᠩᠭᠢᠰ ᠪᠤᠯ ᠰᠦᠨᠢᠳ ᠵᠡᠬᠦᠨ ᠭᠠᠷᠤᠨ ᠬᠤᠰᠢᠭᠤᠨ ᠤ ᠬᠠᠮᠤᠭ ᠠᠩᠬᠠᠨ ᠤ ᠵᠠᠰᠠᠭ ᠲᠦᠷᠦ ᠶᠢᠨ ᠸᠠᠩ ᠪᠤᠯᠬᠤ ᠶᠤᠮ᠃       ᠪᠠᠳᠤᠮᠦ᠋ᠡᠭᠭᠡ ᠲᠢᠶᠠᠨ ᠬᠠᠭᠠᠨ ᠤ ᠠᠬᠠᠮᠠᠳ ᠬᠦᠪᠡᠬᠦᠨ ᠲᠦᠷᠦᠪᠤᠯᠤᠳ ᠲᠡᠬᠦᠨ ᠤ ᠬᠦᠪᠡᠬᠦᠨ ᠪᠤᠳ᠋ ᠠᠯᠠᠭ ᠬᠠᠭᠠᠨ᠂ ᠪᠤᠳ᠋ ᠠᠯᠠᠭ ᠬᠠᠭᠠᠨ ᠤ ᠬᠦᠪᠡᠬᠦᠨ ᠬᠦᠬᠡᠴᠢᠳᠡᠢ ᠮᠡᠷᠬᠡᠨ ᠲᠠᠶᠢᠵᠢ᠂ ᠲᠡᠬᠦᠨ ᠤ ᠶᠡᠭᠡ ᠬᠦᠪᠡᠭᠦᠨ ᠪᠤᠷᠬᠠᠢ ᠴᠦᠬᠦᠷ ᠨᠤᠶᠠᠨ᠂ ᠲᠡᠬᠦᠨ ᠤ ᠬᠦᠪᠡᠬᠦᠨ ᠲᠠᠪᠠᠭ᠋ᠠᠢ ᠲᠠᠷᠬᠠᠨ ᠬᠤᠰᠢᠭᠤᠴᠢ᠂ ᠲᠡᠬᠦᠨ ᠤ ᠶᠡᠭᠡ ᠬᠦᠪᠡᠬᠦᠨ ᠲᠠᠩᠬᠢᠰ ᠮᠡᠷᠬᠡᠨ ᠲᠠᠶᠢᠵᠢ ᠪᠤᠯᠤᠨ᠎ᠠ᠃ ᠲᠡᠷᠡ 1585 ᠤᠨ ᠳᠤ ᠲᠦᠷᠦᠵᠦ᠂ 1649 ᠤᠨ ᠳᠤ ᠨᠠᠰᠦ ᠪᠠᠷᠠᠪᠠ ︵ᠵᠠᠷᠢᠮ ᠰᠤᠳᠤᠷ ᠨᠤᠮ ᠳᠤ 1648 ᠤᠨ ᠳᠤ ᠨᠠᠰᠦ ᠪᠠᠷᠠᠪᠠ ᠬᠡᠵᠦ ᠲᠡᠮᠳᠡᠭᠯᠡᠵᠦ ᠪᠠᠶᠢᠳᠠᠭ︶᠃ ᠲᠡᠬᠡᠳᠦ ᠡᠷᠳᠡᠮᠳᠤ ᠶᠢᠨ ᠲᠦᠷᠪᠡᠳᠦᠬᠡᠷ ᠤᠨ ︵1639︶ ᠳᠤ ᠮᠠᠨᠵᠦ ᠶᠢᠨ ᠬᠠᠷᠢᠶ᠎ᠠ ᠳᠤ ᠤᠷᠤᠵᠦ ᠮᠠᠨᠵᠦ ᠴᠢᠩ ᠤᠨ ᠬᠦᠷᠦᠨ ᠠᠴᠠ ᠰᠦᠨᠢᠳ ᠵᠡᠬᠦᠨ ᠭᠠᠷᠤᠨ ᠬᠤᠰᠢᠭᠤ ᠶᠢ ᠬᠤᠪᠢᠳᠠᠨ ᠦᠭᠴᠦ ᠬᠠᠮᠢᠶᠠᠷᠤᠭᠤᠯᠵᠠᠢ᠃ ᠲᠡᠬᠡᠳᠦ ᠡᠷᠳᠡᠮᠳᠤ ᠶᠢᠨ ᠲᠠᠪᠤᠳᠤᠭᠠᠷ ᠤᠨ ︵1640︶ ᠳᠤ ᠮᠠᠨᠵᠦ ᠶᠢᠨ ᠰᠡᠴᠡᠨ ᠬᠠᠭᠠᠨ ᠤ ᠠᠬ᠎ᠠ ᠳ᠋ᠠᠶᠢᠱᠠᠨ ᠤ ᠭᠤᠷᠪᠠᠳᠤᠭᠠᠷ ᠬᠦᠪᠡᠬᠦᠨ ᠰᠠᠬᠠᠯᠢᠶᠠᠨ ᠤ ᠦᠬᠢᠨ ᠢ ᠲᠠᠩᠭᠢᠰ ᠲᠠᠢ ᠤᠷᠤᠭᠯᠠᠭᠤᠯᠤᠭᠰᠠᠨ ᠠᠴᠠ ᠲᠠᠶᠢᠴᠢᠩ ᠬᠦᠷᠦᠨ ᠤ ᠡᠹᠦ᠋ ᠪᠤᠯᠵᠠᠢ᠃       ᠲᠡᠬᠡᠳᠦ ᠡᠷᠳᠡᠮᠳᠤ ᠶᠢᠨ ᠵᠢᠷᠭᠤᠳᠤᠭᠠᠷ ᠤᠨ ︵1641︶ ᠳᠤ ᠮᠠᠨᠵᠦ ᠶᠢᠨ ᠲᠠᠩᠬᠢᠰ ᠮᠡᠷᠬᠡᠨ ᠲᠠᠶᠢᠵᠢ ᠶᠢ ᠰᠦᠨᠢᠳ ᠵᠡᠬᠦᠨ ᠭᠠᠷᠤᠨ ᠬᠤᠰᠢᠭᠤᠨ ᠤ ᠵᠠᠰᠠᠭ ᠲᠦᠷᠦ ᠶᠢᠨ ᠵᠢᠶᠦ᠋ᠨ ᠸᠠᠩ ᠡᠷᠬᠦᠮᠵᠢᠯᠡᠵᠦ ᠦᠶ᠎ᠡ ᠤᠯᠠᠷᠢᠨ ᠵᠠᠯᠭᠠᠮᠵᠢᠯᠠᠭᠤᠯᠬᠤ ᠪᠠᠷ ᠵᠠᠷᠯᠢᠭ ᠪᠠᠭᠤᠵᠠᠢ᠃ ᠲᠠᠩᠬᠢᠰ ᠮᠡᠷᠬᠡᠨ ᠲᠠᠶᠢᠵᠢ ᠬᠤᠰᠢᠭᠤ ᠵᠠᠰᠠᠭ ᠲᠦᠷᠦ ᠶᠢᠨ ᠵᠢᠶᠦ᠋ᠨ ᠸᠠᠩ ᠰᠠᠭᠤᠵᠦ ᠬᠠᠭᠠᠨ ᠤ ᠡᠹᠦ᠋ ᠪᠤᠯᠤᠭᠰᠠᠨ ᠤ ᠲᠠᠷᠠᠭ᠎ᠠ ᠮᠠᠨᠵᠦ ᠴᠢᠩ ᠤᠨ ᠵᠠᠰᠠᠭ ᠲᠤ ᠪᠡᠶ᠎ᠡ ᠪᠠᠷ ᠢᠶᠠᠨ ᠬᠦᠷᠴᠦ ᠦᠡᠭᠭᠡᠷᠡᠭᠡ ᠦᠬᠡᠢ᠂ ᠲᠠᠶᠢᠽᠦᠩ ᠬᠠᠭᠠᠨ ᠨᠠᠰᠤ ᠪᠠᠷᠠᠭᠰᠠᠨ ᠳᠤ ᠴᠤ ᠪᠡᠶ᠎ᠡ ᠪᠠᠷ ᠢᠶᠠᠨ ᠬᠦᠵᠢ ᠵᠤᠯᠠ ᠪᠠᠷᠢᠵᠦ ᠭᠠᠰᠢᠭᠤᠳᠠᠯ ᠢᠯᠡᠷᠬᠡᠶᠢᠯᠡᠭᠡ ᠦᠬᠡᠢ ᠨᠢ ᠮᠠᠨᠵᠦ ᠴᠢᠩ ᠤᠨ ᠮᠤᠩᠭᠤᠯ ᠳᠤ ᠠᠪᠴᠦ ᠪᠠᠶᠢᠭᠰᠠᠨ ᠪᠤᠳᠤᠯᠭ᠎ᠠ ᠳᠤ ᠦᠪᠡᠷ ᠤᠨ ᠦᠵᠡᠯᠳᠡ ᠲᠠᠢ ᠪᠠᠶᠢᠵᠦ᠂ ᠮᠠᠨᠵᠦ ᠵᠠᠰᠠᠭ ᠢ ᠲᠠᠭᠠᠭᠰᠠᠨ ᠨᠢ ᠲᠡᠶᠢᠮᠦ ᠵᠦᠪ ᠰᠤᠩᠭᠤᠯᠳᠠ ᠪᠢᠰᠢ ᠭᠡᠵᠦ ᠮᠠᠨᠵᠦ ᠶᠢᠨ ᠨᠤᠶᠠᠷᠬᠠᠯ ᠳᠤ ᠮᠠᠰᠢ ᠲᠤᠷ᠎ᠠ ᠦᠬᠡᠶᠢᠴᠡᠵᠦ ᠪᠠᠶᠢᠭᠰᠠᠨ ᠤ ᠬᠢᠨᠢ ᠢᠯᠡᠷᠡᠯ ᠶᠤᠮ᠃       ᠴᠢᠩ ᠤᠯᠤᠰ ᠤᠨ ᠡᠶᠡᠪᠡᠷ ᠵᠠᠰᠠᠭᠴᠢ ᠶᠢᠨ ᠭᠤᠷᠪᠠᠳᠤᠭᠠᠷ ᠤᠨ ︵1646︶ ᠲᠠᠩᠬᠢᠰ ᠮᠡᠷᠬᠡᠨ ᠵᠢᠶᠦ᠋ᠨ ᠸᠠᠩ ᠲᠡᠭᠦᠤ ᠲᠠᠩᠬᠢᠳᠠᠢ ᠪᠤᠯᠤᠨ ᠦᠪᠬᠡᠳᠡᠢ᠂ ᠲᠤᠷᠵᠢᠰᠠᠭᠠᠪᠠ᠂ ᠮᠠᠩᠭᠤᠰ᠂ ᠡᠷᠮᠡᠭ᠂ ᠱᠠᠳᠠ ᠵᠡᠷᠬᠡ ᠲᠠᠨᠪᠤᠨ ᠲᠠᠶᠢᠵᠢ ᠨᠠᠷ ᠤᠨ ᠤᠳᠤᠷᠢᠳᠦᠨ ᠲᠠᠶᠢᠴᠢᠯᠠᠭᠰᠠᠨ ᠰᠦᠨᠢᠳ ᠵᠡᠬᠦᠨ ᠭᠠᠷᠤᠨ ᠬᠤᠰᠢᠭᠤᠨ ᠤ ᠬᠠᠷᠢᠶᠠᠳᠦ ᠠᠷᠠᠳ ᠪᠤᠰᠤᠯᠴᠠᠨ ᠮᠠᠨᠵᠦ ᠴᠢᠩ ᠤᠨ ᠬᠠᠷᠢᠶ᠎ᠠ ᠠᠴᠠ ᠰᠠᠯᠵᠦ᠂ ᠬᠠᠯᠬ᠎ᠠ ᠶᠢᠨ ᠬᠡᠷᠦᠯᠦᠨ ᠭᠤᠤᠯ ᠤᠷᠤᠭᠤ ᠨᠡᠭᠦᠳᠡᠯᠯᠡᠨ ᠶᠠᠪᠤᠭᠰᠠᠨ ᠨᠢ ᠲᠠᠷᠤᠢ ᠲᠡᠤᠬᠡᠨ ᠳᠤ ᠲᠡᠮᠳᠡᠭᠯᠡᠭᠳᠡᠨ ᠪᠤᠢ ︽ᠲᠠᠩᠭᠢᠰ ᠤᠨ ᠤᠷᠪᠠᠯᠭᠠᠨ︾ ᠬᠡᠳᠡᠭ ᠪᠤᠯᠤᠨ᠎ᠠ᠃       ᠰᠦᠨᠢᠳ ᠤᠨ ᠸᠠᠩ ᠲᠠᠩᠭᠢᠰ ᠨᠠᠷ ᠤᠨ ᠮᠠᠨᠵᠦ ᠴᠢᠩ ᠤᠨ ᠨᠤᠶᠠᠷᠬᠠᠯ ᠠᠴᠠ ᠰᠠᠯᠵᠦ ᠤᠮᠠᠷᠠᠰᠢ ᠨᠡᠬᠦᠳᠡᠯᠯᠡᠭᠰᠡᠨ ᠶᠠᠪᠤᠳᠠᠯ ᠢ ᠴᠢᠩ ᠬᠦᠷᠦᠨ ᠮᠡᠳᠡᠬᠡᠳ ᠶᠡᠭᠡ ᠴᠡᠷᠢᠭ ᠬᠦᠳᠡᠯᠬᠡᠨ ᠨᠡᠬᠡᠮᠵᠢᠯᠡᠨ ᠴᠤᠬᠢᠵᠦ ᠲᠠᠷᠤᠩᠭᠤᠶᠢᠯᠠᠬᠤ ᠵᠠᠷᠯᠢᠭ ᠪᠠᠭᠤᠯᠭᠠᠵᠠᠢ᠃ ᠴᠢᠩ ᠤᠯᠤᠰ ᠤᠨ ᠡᠶᠡᠪᠡᠷ ᠵᠠᠰᠠᠭᠴᠢ ᠬᠠᠭᠠᠨ ᠲᠡᠷᠡ ᠲᠠᠷᠤᠢ ᠳᠤᠨᠢ ᠵᠠᠷᠯᠢᠭ ᠪᠠᠭᠤᠯᠭᠠᠵᠦ ᠦᠪᠡᠷ ᠤᠨ ᠠᠪᠠᠭ᠎ᠠ ᠢᠤᠢ ᠴᠧᠨ ᠸᠠᠩ ᠲᠤᠳᠤ ᠶᠢ ᠶᠡᠭᠡ ᠴᠡᠷᠢᠭ ᠤᠨ ᠲᠡᠷᠢᠬᠦᠨ ᠵᠠᠩᠵᠤᠨ ᠢᠶᠠᠷ ᠲᠤᠮᠢᠯᠠᠵᠦ᠂ ᠰᠦᠨᠢᠳ ᠪᠠᠷᠠᠭᠤᠨ ᠭᠠᠷᠤᠨ ᠬᠤᠰᠢᠭᠤᠨ ᠤ ᠵᠢᠶᠦ᠋ᠨ ᠸᠠᠩ ᠱᠤᠤᠰᠠᠢ ᠪᠠᠷ ᠲᠡᠳ᠋ ᠵᠠᠩᠵᠤᠨ ᠪᠤᠯᠭᠠᠵᠦ᠂ ᠶᠡᠭᠡ ᠴᠡᠷᠢᠭ ᠲᠠᠶᠢᠴᠢᠯᠠᠨ ᠬᠦᠳᠡᠯᠬᠡᠬᠦ ᠶᠢᠨ ᠲᠠᠭᠠᠤ ᠪᠠᠰᠠ ᠬᠤᠷᠴᠢᠨ ᠠᠶᠢᠮᠠᠭ ᠪᠤᠯᠤᠨ ᠲᠦᠷᠪᠡᠳ ᠠᠶᠢᠮᠠᠭ ᠲᠤ ᠵᠠᠷᠯᠢᠭ ᠪᠠᠭᠤᠯᠭᠠᠵᠦ᠂ ᠲᠤᠰᠠᠯᠠᠬᠤ ᠴᠡᠷᠢᠭ ᠲᠤᠮᠢᠯᠠᠨ᠂ ᠮᠠᠨᠵᠦ ᠴᠢᠩ ᠤᠨ ᠬᠦᠴᠦ ᠬᠠᠪᠰᠤᠷᠤᠭᠤᠯᠤᠨ ᠰᠦᠨᠢᠳ ᠤᠨ ᠲᠠᠩᠭᠢᠰ ᠸᠠᠩ ᠤᠨ ᠪᠤᠰᠤᠯᠭ᠎ᠠ ᠭᠠᠷᠭᠠᠭᠴᠢᠳ ᠤᠨ ᠠᠷᠤ ᠠᠴᠠ ᠲᠦᠷᠬᠡᠨ ᠨᠡᠬᠡᠮᠵᠢᠯᠡᠬᠦ ᠶᠢ ᠱᠠᠭᠠᠷᠳᠠᠵᠠᠢ᠃ ᠵᠠᠷᠯᠢᠭ ᠬᠦᠯᠢᠶᠡᠭᠰᠡᠨ ᠲᠦᠷᠪᠡᠳ ᠠᠶᠢᠮᠠᠭ ᠤᠨ ᠵᠤᠷᠢᠭᠳᠦ ᠲᠤᠭᠰᠢᠨ ᠦᠮᠪᠦ᠂ ᠦᠪᠡᠷ ᠤᠨ ᠠᠶᠢᠮᠠᠭ ᠤᠨ ᠮᠤᠷᠢᠳᠦ ᠴᠡᠷᠢᠭ ᠢᠶᠠᠨ ᠠᠪᠴᠦ ᠡᠩ ᠲᠡᠷᠢᠬᠦᠨ ᠳᠤ ᠮᠤᠷᠳᠠᠵᠦ᠂ ᠲᠠᠩᠭᠢᠰ ᠸᠠᠩ ᠤᠨ ᠪᠤᠰᠤᠯᠭ᠎ᠠ ᠭᠠᠷᠭᠠᠭᠴᠢᠳ ᠢ ᠨᠡᠬᠡᠨ ᠬᠦᠷᠴᠦ ᠰᠢᠷᠦᠬᠦᠨ ᠲᠤᠯᠤᠯᠳᠤᠭᠠᠨ ᠪᠤᠯᠵᠠᠢ᠃ ᠡᠨᠡ ᠤᠳᠠᠭᠠᠨ ᠤ ᠲᠤᠯᠤᠯᠳᠤᠭᠠᠨ ᠳᠤ ᠲᠠᠩᠭᠢᠰ ᠸᠠᠩ ᠤᠨ ᠴᠡᠷᠢᠭ ᠮᠤᠷᠢ ᠨᠡᠯᠢᠶᠡᠳ ᠬᠤᠬᠢᠷᠠᠵᠦ᠂ ᠲᠤᠷᠵᠢᠰᠠᠭᠠᠪᠠ᠂ ᠮᠠᠩᠭᠤᠰ᠂ ᠢᠷᠮᠡᠭ᠂ ᠱᠠᠳᠠ ᠵᠡᠷᠬᠡ ᠲᠠᠪᠤᠨ ᠲᠠᠶᠢᠵᠢ ᠪᠡᠶ᠎ᠡ ᠦᠷᠡᠭᠳᠡᠵᠦ᠂ ᠵᠠᠭᠤ ᠲᠠᠪᠢ ᠭᠠᠷᠤᠢ ᠬᠦᠮᠦᠨ ᠪᠠᠷᠢᠭᠳᠠᠵᠠᠢ᠃ ᠪᠠᠰᠠ ᠬᠤᠶᠠᠷ ᠮᠢᠩᠭ᠎ᠠ ᠭᠠᠷᠤᠢ ᠠᠳᠤᠭᠤ᠂ ᠭᠤᠷᠪᠠᠨ ᠵᠠᠭᠤ ᠭᠠᠷᠤᠢ ᠲᠡᠮᠡᠭᠡ᠂ ᠮᠢᠩᠭ᠎ᠠ ᠲᠠᠪᠤᠨ ᠵᠠᠭᠤ ᠦᠬᠡᠷ᠂ ᠨᠠᠶᠢᠮᠠᠨ ᠮᠢᠩᠭᠠᠨ ᠬᠤᠨᠢ ᠲᠦᠷᠪᠡᠳ ᠸᠠᠩ ᠤᠨ ᠴᠡᠷᠢᠭ ᠲᠤ ᠤᠯᠵᠠᠯᠠᠭᠳᠠᠭᠰᠠᠨ ᠪᠤᠯᠪᠠᠴᠦ ᠲᠠᠩᠬᠢᠰ ᠤᠨ ᠪᠤᠰᠤᠯᠭ᠎ᠠ ᠭᠠᠷᠭᠠᠭᠴᠢᠳ ᠪᠠᠭᠤᠵᠦ ᠦᠭᠭᠦᠬᠡ ᠦᠬᠡᠢ ᠦᠷᠬᠦᠯᠵᠢᠯᠡᠨ ᠬᠡᠷᠦᠯᠦᠨ ᠭᠤᠤᠯ ᠢ ᠦᠭᠰᠦᠨ ᠤᠷᠤᠭᠰᠢᠯᠠᠵᠠᠢ᠃ ᠲᠤᠯᠤᠭᠠᠨ ᠰᠠᠷ᠎ᠠ ᠳᠤ ᠰᠦᠨᠢᠳ ᠤᠨ ᠲᠠᠩᠭᠢᠰ ᠸᠠᠩ ᠢ ᠨᠡᠬᠡᠮᠵᠢᠯᠡᠨ ᠶᠠᠪᠤᠭ᠎ᠠ ᠴᠡᠷᠢᠭ ᠤᠨ ᠬᠤᠰᠢᠭᠤᠴᠢ ᠲᠤᠳᠤ ᠶᠢᠨ ᠴᠡᠷᠢᠭ ᠢᠡᠭᠭᠠᠷᠴᠤᠭ ᠤᠨ ᠠᠭᠤᠯᠠ ᠬᠡᠮᠡᠬᠦ ᠭᠠᠵᠠᠷ ᠬᠦᠷᠴᠦ᠂ ᠰᠦᠨᠢᠳ ᠤᠨ ᠲᠠᠩᠭᠢᠰ ᠸᠠᠩ ᠤᠨ ᠴᠡᠷᠢᠭ — ᠬᠦᠨ ᠭᠠᠯᠠᠭᠤᠳᠤ ᠳᠤ ᠪᠠᠭᠤᠳᠠᠯᠯᠠᠭᠰᠠᠨ ᠢ ᠲᠤᠷᠰᠢᠨ ᠮᠡᠳᠡᠬᠡᠳ ᠲᠠᠷᠤᠢ ᠳᠤᠨᠢ ᠬᠦᠯᠦᠭ ᠲᠠᠷᠬᠠᠨ ᠠᠯᠠᠢ ᠳᠤ ᠲᠠᠭᠠᠷᠢᠯᠳᠠ ᠬᠢᠭᠰᠡᠨ ᠳᠤ ᠲᠠᠩᠭᠢᠰ ᠤᠨ ᠴᠡᠷᠢᠭ ᠲᠤᠰᠤᠨ ᠠᠪᠴᠦ ᠪᠠᠶᠢᠯᠳᠤᠭᠠᠳ ᠴᠡᠷᠢᠭ ᠤᠨ ᠬᠦᠴᠦᠨ ᠤ ᠬᠠᠷᠢᠴᠠᠯ ᠠᠴᠠ ᠪᠤᠯᠵᠦ ᠶᠡᠭᠡ ᠬᠤᠬᠢᠷᠠᠯ ᠳᠤ ᠤᠴᠠᠷᠠᠭᠰᠠᠨ ᠪᠤᠯᠪᠠᠴᠦ ᠪᠠᠭᠤᠵᠦ ᠦᠭᠭᠦᠰᠡᠨ ᠦᠬᠡᠢ ᠦᠷᠬᠦᠯᠵᠢᠯᠡᠨ ᠴᠢᠩ ᠤᠨ ᠴᠡᠷᠢᠭ ᠲᠠᠢ ᠪᠠᠶᠢᠯᠳᠤᠨ ᠤᠯᠠᠮ ᠢᠶᠠᠷ ᠬᠠᠯᠬ᠎ᠠ ᠶᠢᠨ ᠨᠤᠳᠤᠭ ᠤᠨ ᠬᠦᠨ ᠳᠤ ᠤᠬᠤᠷᠢᠨ ᠰᠢᠯᠵᠢᠵᠠᠢ᠃ ᠴᠢᠩ ᠤᠯᠤᠰ ᠤᠨ ᠴᠡᠷᠢᠭ ᠤᠨ ᠵᠠᠩᠵᠤᠨ ᠢᠤᠢ ᠴᠧᠨ ᠲᠤᠳᠤ ᠲᠡᠷᠡ ᠳᠤᠨᠢ ᠬᠤᠷᠢᠴᠨ ᠤ ᠵᠢᠶᠦ᠋ᠨ ᠸᠠᠩ ᠮᠠᠭᠰᠦ᠋ᠰᠢᠷᠢ ᠮᠠᠶᠢᠷᠠᠨ ᠵᠠᠩᠭᠢ ᠮᠢᠩᠭᠠᠯᠳᠠᠢ ᠳᠤ ᠴᠡᠷᠢᠭ ᠦᠭᠴᠦ ᠰᠦᠨᠢᠳ ᠤᠨ ᠲᠠᠩᠬᠢᠰ ᠸᠠᠩ ᠤᠨ ᠴᠡᠷᠢᠭ ᠢ ᠰᠦᠨᠢ ᠲᠤᠷᠰᠢ ᠨᠡᠬᠡᠮᠵᠢᠯᠡᠬᠦᠯᠦᠨ ᠲᠠᠷᠠᠭ᠎ᠠ ᠡᠳᠦᠷ ᠤᠨ ᠦᠷᠯᠦᠬᠡ ᠠᠭᠤᠯᠠ ᠶᠢᠨ ᠤᠷᠴᠢᠮ ᠳᠤ ᠬᠦᠢᠴᠡᠨ ᠬᠦᠷᠴᠦ ᠰᠢᠷᠦᠬᠦᠨ ᠲᠤᠯᠤᠯᠳᠤᠭᠠᠨ ᠪᠤᠯᠪᠠ᠃ ᠲᠤᠯᠤᠯᠳᠤᠭᠠᠨ ᠤ ᠲᠤᠮᠳᠠ ᠲᠠᠩᠬᠢᠰ ᠸᠠᠩ ᠲᠠᠢ ᠤᠷᠤᠭᠯᠠᠭᠰᠠᠨ ᠬᠠᠭᠠᠨ ᠤ ᠲᠦᠷᠦᠯ ᠤᠨ ᠬᠡᠬᠡ ᠤᠯᠠᠮᠵᠢᠯᠠᠭᠳᠠᠵᠦ᠂ ᠮᠤᠤᠬᠠᠢ ᠲᠠᠶᠢᠵᠢ ᠪᠡᠶ᠎ᠡ ᠦᠷᠡᠭᠳᠡᠨ᠂ ᠲᠠᠩᠭᠢᠰ ᠤᠨ ᠴᠡᠷᠦᠭ ᠬᠦᠴᠦ ᠮᠡᠬᠦᠰᠳᠡᠨ ᠲᠠᠷᠤᠭᠳᠠᠵᠦ ᠦᠷᠬᠦᠯᠵᠢᠯᠡᠨ ᠤᠬᠤᠷᠢᠵᠠᠢ᠃ ᠲᠡᠷᠡ ᠦᠶ᠎ᠡ ᠳᠤ ᠴᠢᠩ ᠤᠯᠤᠰ ᠤᠨ ᠶᠡᠭᠡ ᠴᠡᠷᠢᠭ ᠤᠨ ᠵᠠᠩᠵᠤᠨ ᠲᠠᠬᠢᠨ ᠴᠡᠷᠢᠭ ᠮᠤᠷᠢ ᠪᠠᠨ ᠲᠠᠶᠢᠴᠢᠯᠠᠨ ᠲᠤᠤᠯᠠ ᠭᠤᠤᠯ ᠢ ᠭᠠᠳᠤᠯᠵᠦ ᠵᠠᠩᠵᠤᠨ ᠸᠠᠰᠳᠠ ᠶᠢ ᠲᠤᠮᠢᠯᠠᠵᠦ᠂ ᠨᠢᠬᠡᠨ ᠵᠠᠮ ᠤᠨ ᠴᠡᠷᠢᠭ ᠢ ᠲᠠᠶᠢᠴᠢᠯᠠᠨ ᠲᠠᠩᠭᠢᠰ ᠤᠨ ᠴᠡᠷᠢᠭ ᠤᠨ ᠤᠬᠤᠷᠢᠬᠤ ᠵᠠᠮ ᠢ ᠲᠤᠰᠴᠦ ᠲᠠᠬᠢᠨ ᠲᠤᠯᠤᠯᠳᠤᠭᠠᠨ ᠪᠤᠯᠪᠠ᠃ ᠲᠤᠯᠤᠯᠳᠤᠭᠠᠨ ᠤ ᠲᠤᠮᠳᠠ ᠲᠠᠩᠬᠢᠰ ᠸᠠᠩ ᠤᠨ ᠬᠦᠤ ᠲᠤᠷᠵᠢ ᠵᠢᠴᠢ ᠪᠠᠳᠤ ᠰᠡᠴᠡᠨ ᠨᠠᠷ ᠪᠡᠶ᠎ᠡ ᠦᠷᠡᠭᠳᠡᠵᠦ ᠲᠠᠩᠬᠢᠰ ᠤᠨ ᠠᠬᠦ ᠭᠠᠷᠠᠮ᠎ᠠ ᠪᠤᠯᠤ᠋ ᠲᠠᠮᠤᠳᠠ ᠪᠤᠱᠣᠭᠳᠤ ᠴᠢᠩ ᠤᠨ ᠴᠡᠷᠢᠭ ᠲᠤ ᠪᠠᠷᠢᠭᠳᠠᠵᠦ ᠪᠠᠭᠤᠵᠦ ᠦᠭᠭᠦᠭᠰᠡᠨ ᠦᠬᠡᠢ ᠡᠷᠡᠰ ᠬᠠᠳᠠᠭᠤ ᠡᠰᠡᠷᠬᠦᠴᠡᠭᠰᠡᠨ ᠠᠴᠠ ᠴᠠᠪᠴᠢᠨ ᠬᠦᠨᠦᠭᠡᠭᠳᠡᠪᠡ᠃ ᠲᠠᠩᠬᠢᠰ ᠸᠠᠩ ᠤᠨ ᠴᠡᠷᠢᠭ ᠮᠠᠨᠵᠦ ᠴᠢᠩ ᠤᠨ ᠬᠡᠳᠦᠨ ᠤᠳᠠᠭᠠᠨ ᠤ ᠪᠦᠰᠡᠯᠡᠨ ᠲᠠᠭᠠᠷᠢᠯᠳᠠ ᠳᠤ ᠤᠴᠠᠷᠠᠵᠦ ᠨᠡᠯᠢᠶᠡᠳ ᠶᠡᠭᠡ ᠬᠤᠬᠢᠷᠠᠯ ᠳᠤ ᠤᠴᠠᠷᠠᠭᠰᠠᠨ ᠪᠤᠯᠪᠠᠴᠦ ᠮᠠᠨᠵᠦ ᠴᠢᠩ ᠤᠨ ᠴᠡᠷᠢᠭ ᠲᠠᠢ ᠤᠳᠠᠭ᠎ᠠ ᠲᠠᠷᠠᠭᠠᠯᠠᠨ ᠲᠤᠯᠤᠯᠳᠤᠵᠦ ᠶᠡᠷᠦ ᠠᠴᠠ ᠪᠠᠭᠤᠵᠦ ᠦᠭᠭᠦᠭᠰᠡᠨ ᠦᠬᠡᠢ ᠪᠦᠬᠡᠳ ᠭᠠᠵᠠᠷ ᠤᠨ ᠪᠠᠶᠢᠴᠠ ᠶᠢ ᠠᠰᠢᠭᠯᠠᠵᠦ ᠮᠠᠨᠵᠦ ᠴᠡᠷᠢᠭ ᠤᠨ ᠲᠠᠭᠠᠷᠢᠯᠳᠠ ᠶᠢ ᠡᠷᠡᠰ ᠲᠤᠯᠵᠦ ᠡᠰᠡᠷᠬᠦᠴᠡᠨ ᠪᠠᠶᠢᠯᠳᠤᠵᠦ ᠪᠠᠶᠢᠵᠠᠢ᠃       ᠲᠦᠰᠢᠶᠡᠳᠦ ᠬᠠᠨ ᠤ ᠪᠤᠷᠬᠠᠨᠳᠤ ᠶᠢᠨ ᠨᠤᠳᠤᠭ ︵ᠪᠤᠷᠤ ᠬᠠᠳᠠ ᠶᠢᠨ ᠠᠭᠤᠯᠠ ᠬᠡᠵᠦ ᠵᠠᠷᠢᠮ ᠨᠤᠮ ᠳᠤ ᠲᠡᠮᠳᠡᠭᠯᠡᠵᠦ ᠪᠤᠢ︶ ᠲᠤ ᠪᠤᠯᠤᠭᠰᠠᠨ ᠲᠤᠯᠤᠯᠳᠤᠭᠠᠨ ᠪᠤᠯ ᠮᠠᠰᠢ ᠰᠢᠷᠦᠬᠦᠨ ᠶᠠᠪᠤᠭᠳᠠᠭᠰᠠᠨ ᠨᠢᠬᠡ ᠤᠳᠠᠭᠠᠨ ᠤ ᠲᠤᠯᠤᠯᠳᠤᠭᠠᠨ ᠪᠤᠯᠬᠤ ᠲᠡᠳᠦᠢ ᠦᠬᠡᠢ ᠲᠠᠩᠭᠢᠰ ᠤᠨ ᠴᠡᠷᠢᠭ᠂ ᠮᠠᠨᠵᠦ ᠴᠡᠷᠢᠭ ᠤᠨ ᠶᠡᠭᠡ ᠴᠡᠷᠢᠭ ᠲᠤ ᠲᠠᠷᠤᠭᠳᠠᠵᠦ᠂ ᠬᠦᠨᠳᠦ ᠰᠦᠷᠡᠬᠡᠢ ᠬᠤᠬᠢᠷᠠᠯ ᠠᠮᠰᠠᠭᠰᠠᠨ ᠨᠢᠬᠡᠨ ᠤᠳᠠᠭᠠᠨ ᠤ ᠲᠤᠯᠤᠯᠳᠤᠭᠠᠨ ᠶᠤᠮ᠃ ᠡᠨᠡ ᠤᠳᠠᠭᠠᠨ ᠤ ᠲᠤᠯᠤᠯᠳᠤᠭᠠᠨ ᠳᠤ ᠲᠠᠩᠬᠢᠰ ᠤᠨ ᠴᠡᠷᠢᠭ ᠠᠴᠠ ᠮᠢᠩᠭ᠎ᠠ ᠢᠯᠡᠬᠦᠤ ᠬᠦᠮᠦᠨ ᠦᠷᠡᠭᠳᠡᠵᠦ᠂ ᠨᠠᠢᠮᠠᠨ ᠵᠠᠭᠤᠨ ᠬᠦᠮᠦᠨ ᠪᠠᠷᠢᠭᠳᠠᠵᠦ᠂ ᠠᠳᠤᠭᠤ ᠬᠤᠶᠠᠷ ᠲᠦᠮᠡ᠂ ᠦᠬᠡᠷ ᠨᠢᠬᠡ ᠲᠦᠮᠡ ᠨᠠᠢᠮᠠᠨ ᠮᠢᠩᠭ᠎ᠠ᠂ ᠬᠤᠨᠢ ᠢᠮᠠᠭ᠎ᠠ ᠠᠷᠪᠠᠨ ᠭᠤᠷᠪᠠᠨ ᠲᠦᠮᠡ ᠲᠠᠪᠤᠨ ᠮᠢᠩᠭ᠎ᠠ ᠭᠠᠷᠤᠢ᠂ ᠲᠡᠮᠡᠭᠡ ᠮᠢᠩᠭ᠎ᠠ ᠲᠦᠷᠪᠡᠨ ᠵᠠᠭᠤ ᠭᠠᠷᠤᠢ᠂ ᠶᠡᠭᠡ ᠬᠡᠮᠵᠢᠶᠡᠨ ᠤ ᠠᠴᠢᠶ᠎ᠠ ᠬᠦᠰᠬᠡ ᠮᠠᠨᠵᠦ ᠴᠢᠩ ᠴᠡᠷᠢᠭ ᠲᠤ ᠤᠯᠵᠠᠯᠠᠭᠳᠠᠵᠠᠢ᠃ ᠲᠠᠩᠭᠢᠰ ᠸᠠᠩ ᠤᠨ ᠴᠡᠷᠢᠭ ᠮᠠᠨᠵᠦ ᠴᠢᠩ ᠤᠨ ᠶᠡᠭᠡ ᠴᠡᠷᠢᠭ ᠤᠨ ᠪᠦᠰᠡᠯᠡᠯᠳᠡ ᠶᠢ ᠰᠢᠪᠳᠤᠯᠤᠨ ᠭᠠᠷᠴᠦ ᠦᠷᠬᠦᠯᠵᠢᠯᠡᠨ ᠬᠤᠶᠢᠰᠢ ᠰᠢᠯᠵᠢᠵᠠᠢ᠃ ᠲᠠᠩᠭᠢᠰ ᠸᠠᠩ ᠮᠠᠨᠵᠦ ᠴᠢᠩ ᠤᠨ ᠴᠡᠷᠢᠭ ᠤᠨ ᠪᠦᠰᠡᠯᠡᠯᠳᠡ ᠶᠢ ᠰᠢᠪᠳᠤᠯᠤᠭᠰᠠᠨ ᠤ ᠲᠠᠷᠠᠭ᠎ᠠ᠂ ᠶᠠᠭᠠᠷᠠᠯᠳᠠᠢ ᠪᠠᠷ ᠲᠤᠮᠢᠯᠠᠵᠦ ᠡᠯᠴᠢ ᠲᠤᠮᠢᠯᠠᠵᠦ ᠰᠡᠴᠡᠨ ᠬᠠᠨ ᠰᠣᠯᠣᠢ ᠪᠤᠯᠤᠨ ᠲᠦᠰᠢᠶᠡᠳᠦ ᠬᠠᠨ ᠠᠴᠠ ᠲᠤᠰᠠᠯᠠᠬᠤ ᠴᠡᠷᠢᠭ ᠭᠤᠶᠤᠴᠢᠯᠠᠭᠰᠠᠨ ᠳᠤ ᠰᠡᠴᠡᠨ ᠬᠠᠨ ᠱᠤᠯᠤᠢ ᠦᠪᠡᠷ ᠤᠨ ᠬᠦᠪᠡᠬᠦᠨ ᠪᠢᠮᠪᠠ ᠳᠤ ᠭᠤᠷᠪᠠᠨ ᠲᠦᠮᠡᠨ ᠴᠡᠷᠢᠭ ᠦᠭᠴᠦ ᠲᠠᠩᠬᠢᠰ ᠢ ᠲᠤᠰᠠᠯᠠᠭᠤᠯᠬᠤ ᠪᠠᠷ ᠮᠤᠷᠳᠠᠭᠤᠯᠪᠠ᠃ ᠮᠦᠨ ᠲᠦᠰᠢᠶᠡᠳᠦ ᠬᠠᠨ ᠭᠤᠮᠪᠤᠳᠤᠷᠵᠢ ᠦᠪᠡᠷ ᠤᠨ ᠦᠶᠡᠯᠢᠳ ᠲᠡᠬᠦᠤ ᠷᠠᠬᠤᠯᠳᠠᠯᠢ ᠨᠤᠶᠠᠨ᠂ ᠲᠡᠬᠦᠨ ᠤ ᠬᠦᠨ ᠠᠪᠬᠤ ᠮᠡᠷᠬᠡᠨ ᠨᠠᠷ ᠲᠤ ᠬᠤᠶᠠᠷ ᠲᠦᠮᠡᠨ ᠴᠡᠷᠢᠭ ᠲᠠᠶᠢᠴᠢᠯᠠᠨ᠂ ᠰᠡᠴᠡᠨ ᠬᠠᠨ ᠱᠣᠯᠤᠢ ᠲᠦᠰᠢᠶᠡᠳᠦ ᠬᠠᠨ ᠭᠤᠮᠪᠤᠳᠤᠷᠵᠢ ᠶᠢᠨ ᠬᠤᠯᠪᠤᠭᠠᠳᠤ ᠴᠡᠷᠢᠭ ᠢ ᠲᠠᠶᠢᠴᠢᠯᠠᠨ ᠵᠤᠬᠢᠶᠠᠨ ᠪᠠᠶᠢᠭᠤᠯᠵᠦ᠂ ᠲᠠᠩᠭᠢᠰ ᠸᠠᠩ ᠢ ᠬᠦᠴᠦᠨ ᠲᠤᠰᠠᠯᠠᠬᠤ ᠪᠠᠷ ᠮᠤᠷᠳᠠᠵᠠᠢ᠃       ᠲᠠᠩᠭᠢᠰ ᠸᠠᠩ ᠳᠤ ᠬᠦᠴᠦᠨ ᠲᠤᠰᠠᠯᠠᠬᠤ ᠬᠠᠯᠬ᠎ᠠ ᠶᠢᠨ ᠬᠤᠯᠪᠤᠭᠠᠳᠤ ᠴᠡᠷᠢᠭ ᠵᠠᠵᠢ ᠪᠨᠤᠯᠠᠭ ᠤᠨ ᠲᠡᠬᠡᠳᠦ ᠡᠬᠢ ᠬᠦᠷᠬᠦ ᠳᠤ ᠴᠢᠩ ᠤᠯᠤᠰ ᠤᠨ ᠶᠡᠭᠡ ᠴᠡᠷᠢᠭ ᠲᠤᠯᠭᠠᠷᠠᠵᠦ ᠰᠢᠷᠦᠬᠦᠨ ᠲᠤᠯᠤᠯᠳᠤᠭᠠᠨ ᠪᠤᠯᠪᠠ᠃ ᠴᠢᠩ ᠤᠨ ᠴᠡᠷᠢᠭ᠂ ᠶᠡᠭᠡ ᠵᠢᠭᠰᠠᠭᠠᠯ ᠵᠢᠭᠰᠠᠭᠠᠵᠦ ᠤᠭᠳᠤᠨ ᠪᠠᠶᠢᠯᠳᠤᠬᠤ ᠳᠤ ᠲᠦᠰᠢᠶᠡᠳᠦ ᠬᠠᠨ ᠤ ᠴᠡᠷᠢᠭ ᠬᠦᠴᠦᠨ ᠲᠠᠷᠤᠭᠳᠠᠵᠦ ᠤᠬᠤᠷᠢᠪᠠ᠃ ᠴᠢᠩ ᠤᠨ ᠴᠡᠷᠢᠭ ᠬᠤᠷᠢᠭᠠᠳ ᠭᠠᠵᠠᠷ ᠨᠡᠬᠡᠮᠵᠢᠯᠡᠨ ᠴᠤᠬᠢᠭᠠᠳ ᠪᠤᠴᠠᠵᠠᠢ᠃ ᠲᠠᠷᠠᠭ᠎ᠠ ᠡᠳᠦᠷ ᠨᠢ ᠰᠡᠴᠡᠨ ᠬᠠᠨ ᠱᠤᠯᠤᠢ ᠶᠢᠨ ᠬᠦᠣ ᠪᠢᠮᠪᠠ ᠶᠢᠨ ᠲᠠᠶᠢᠴᠢᠯᠠᠭᠰᠠᠨ ᠭᠤᠷᠪᠠᠨ ᠲᠦᠮᠡᠨ ᠴᠡᠷᠢᠭ ᠵᠠᠵᠢ ᠪᠤᠯᠠᠭ ᠤᠨ ᠠᠮᠠ ᠪᠠᠷ ᠴᠢᠩ ᠤᠨ ᠶᠡᠭᠡ ᠴᠡᠷᠢᠭ ᠤᠨ ᠵᠢᠭᠰᠠᠭᠠᠯ ᠤᠷᠤᠭᠤ ᠲᠠᠭᠠᠷᠢᠨ ᠤᠷᠤᠵᠦ ᠰᠢᠷᠦᠬᠦᠨ ᠲᠤᠯᠤᠯᠳᠤᠵᠦ ᠨᠢᠬᠡ ᠡᠳᠦᠷ ᠰᠢᠬᠠᠮ ᠲᠤᠯᠤᠯᠳᠤᠭᠠᠳ ᠬᠤᠶᠠᠷ ᠲᠠᠯ᠎ᠠ ᠶᠢᠨ ᠴᠡᠷᠢᠭ ᠬᠤᠬᠢᠷᠠᠵᠦ ᠡᠴᠦᠰ ᠲᠡᠭᠡᠨ ᠰᠡᠴᠡᠨ ᠬᠠᠨ ᠱᠣᠯᠤᠢ ᠶᠢᠨ ᠲᠤᠰᠠᠯᠠᠬᠤ ᠴᠡᠷᠢᠭ ᠬᠦᠴᠦᠨ ᠮᠡᠬᠦᠰᠳᠡᠨ ᠤᠬᠤᠷᠢᠪᠠ᠃ ᠡᠨᠡ ᠦᠶ᠎ᠡ ᠳᠤ ᠲᠠᠩᠭᠢᠰ ᠸᠠᠩ ᠴᠡᠷᠢᠭ ᠢᠶᠠᠨ ᠠᠪᠴᠦ ᠰᠡᠯᠡᠩᠭᠡ ᠮᠦᠷᠡᠨ ᠤᠷᠤᠭᠤ ᠶᠠᠪᠤᠭᠰᠠᠨ ᠳᠤ ᠮᠠᠨᠵᠦ ᠴᠢᠩ ᠤᠨ ᠴᠡᠷᠢᠭ ᠦᠷᠬᠦᠯᠵᠢᠯᠡᠨ ᠨᠡᠬᠡᠮᠵᠢᠯᠡᠨ ᠴᠤᠬᠢᠭᠰᠠᠨ ᠦᠬᠡᠢ ᠲᠠᠷᠤᠢ ᠴᠡᠷᠢᠭ ᠪᠤᠴᠠᠵᠠᠢ᠃       ᠲᠠᠩᠭᠢᠰ ᠸᠠᠩ ᠰᠡᠯᠡᠭᠭᠡ ᠮᠦᠷᠡᠨ ᠤ ᠬᠠᠪᠢ ᠳᠤ ᠨᠤᠳᠤᠭᠰᠢᠨ ᠰᠠᠭᠤᠵᠠᠢ᠃ ᠴᠢᠩ ᠤᠯᠤᠰ ᠤᠨ ᠬᠠᠭᠠᠨ ᠠᠴᠠ ᠬᠠᠯᠬ᠎ᠠ ᠶᠢᠨ ᠬᠠᠭᠠᠨ ᠳᠤ ︽ᠲᠠᠩᠭᠢᠰ ᠢ ᠪᠠᠷᠢᠵᠦ ᠲᠤᠰᠢᠶᠠ︾ ᠬᠡᠮᠡᠨ ᠵᠠᠷᠯᠢᠭ ᠪᠤᠯᠤᠭᠰᠠᠨ ᠳᠤ ᠬᠠᠯᠬ᠎ᠠ ᠶᠢᠨ ᠬᠠᠨ ᠴᠤ ᠵᠦᠪᠰᠢᠶᠡᠷᠡᠭᠰᠡᠨ ᠦᠬᠡᠢ᠃ ᠲᠠᠩᠭᠢᠰ ᠴᠢᠩ ᠤᠯᠤᠰ ᠲᠤ ᠪᠠᠭᠤᠵᠦ ᠦᠭᠭᠦᠭᠰᠡᠨ ᠦᠬᠡᠢ᠃       ᠰᠦᠨᠢᠳ ᠤᠨ ᠲᠠᠩᠭᠢᠰ ᠮᠡᠷᠬᠡᠨ ᠸᠠᠩ ᠪᠤᠯᠤᠨ ᠲᠡᠬᠦᠨ ᠤ ᠬᠠᠷᠢᠶᠠᠳᠦ ᠤᠨ ᠪᠦᠬᠦ ᠬᠤᠰᠢᠭᠤ ᠬᠠᠷᠢᠶᠠᠳᠦ ᠪᠠᠨ ᠲᠠᠶᠢᠴᠢᠯᠠᠨ ᠮᠠᠨᠵᠦ ᠶᠢᠨ ᠨᠤᠶᠠᠷᠬᠠᠭᠴᠢᠳ ᠤᠨ ᠡᠰᠡᠷᠬᠦ ᠶᠠᠪᠤᠭᠤᠯᠤᠭᠰᠠᠨ ᠪᠤᠰᠤᠯᠭ᠎ᠠ ᠪᠤᠯᠤᠨ ᠵᠡᠪᠰᠡᠭᠳᠦ ᠲᠡᠮᠡᠴᠡᠯ ᠨᠢ ᠬᠡᠳᠦᠶᠢᠪᠡᠷ ᠮᠠᠨᠵᠦ ᠴᠢᠩ ᠤᠨ ᠴᠢᠰᠦᠳᠤ ᠲᠠᠷᠦᠩᠭᠤᠶᠢᠯᠠᠯ ᠳᠤ ᠤᠴᠠᠷᠠᠨ ᠬᠠᠷᠠᠰᠠᠯᠳᠠᠢ ᠪᠠᠷ ᠲᠠᠷᠤᠭᠳᠠᠭᠰᠠᠨ ᠪᠤᠯᠪᠠᠴᠦ ᠮᠠᠨᠵᠦ ᠴᠢᠩ ᠤᠨ ᠨᠤᠶᠠᠷᠬᠠᠭᠴᠢᠳ ᠲᠤ ᠬᠦᠨᠳᠦ ᠴᠤᠬᠢᠯᠳᠠ ᠦᠭᠭᠦᠭᠰᠡᠨ ᠪᠦᠬᠡᠳ ᠲᠠᠷᠤᠯᠠᠯ ᠲᠤᠷᠤᠮᠵᠢᠯᠠᠯ ᠢ ᠡᠰᠡᠷᠬᠦᠴᠡᠬᠦ ᠮᠤᠩᠭᠤᠯ ᠦᠨᠳᠦᠰᠦᠳᠡᠨ ᠤ ᠨᠤᠭᠤᠷᠠᠰᠢ ᠦᠬᠡᠢ ᠲᠡᠮᠡᠴᠡᠯ ᠤᠨ ᠵᠤᠷᠢᠭ ᠰᠦᠰᠦ ᠶᠢ ᠢᠯᠡᠷᠡᠬᠦᠯᠵᠡᠢ᠃ ᠲᠠᠩᠭᠢᠰ ᠮᠡᠷᠬᠡᠨ ᠸᠠᠩ ᠤᠨ ᠬᠠᠷᠢᠶᠠᠳᠦ ᠨᠠᠷ ᠵᠢᠴᠢ ᠲᠡᠬᠦᠨ ᠤ ᠲᠡᠬᠦᠣ ᠲᠠᠩᠭᠢᠳᠠᠢ 1649 ᠤᠨ ᠳᠤ ᠲᠠᠬᠢᠨᠳᠠ ᠮᠠᠨᠵᠦ ᠳᠤ ᠵᠠᠬᠢᠷᠤᠭᠳᠠᠵᠠᠢ᠃
 
ᠢᠷᠡᠯᠲᠡ᠄ ︽ᠰᠦᠨᠢᠳ ᠵᠡᠬᠦᠨ ᠬᠤᠰᠢᠭᠤᠨ ᠤ ᠨᠡᠷᠡᠳᠦ ᠬᠦᠮᠦᠰ ᠤᠨ ᠴᠠᠳᠢᠭ︾ ᠬᠡᠬᠦ ᠨᠤᠮ ᠠᠴᠠ ᠬᠠᠨᠭ᠍ᠭᠠᠪᠠ᠃
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号