| ᠬᠢᠯᠤᠭᠡᠨ ᠪᠠᠭᠠᠳᠤᠷ | ᠮᠤᠩᠭᠤᠯ ᠬᠠᠭᠠᠨᠳᠤ ᠤᠯᠤᠰ ᠤᠨ ᠦᠶ᠎ᠡ ᠶᠢᠨ ᠰᠦᠨᠢᠳ ᠠᠶᠢᠮᠠᠭ ᠤᠨ ᠠᠬᠠᠯᠠᠭᠴᠢ᠂ ᠴᠢᠩᠬᠢᠰ ᠬᠠᠭᠠᠨ ᠤ | ᠨᠠᠷᠠᠳᠤ ᠵᠠᠩᠵᠤᠨ ᠤ ᠨᠢᠭᠡ᠂ ᠮᠤᠩᠭᠤᠯ ᠬᠠᠭᠠᠨᠳᠤ ᠤᠯᠤᠰ ᠢᠶᠠᠨ ᠪᠠᠶᠢᠭᠤᠯᠬᠤ ᠠᠭᠤᠤ ᠶᠡᠭᠡ ᠦᠢᠯᠡᠰ ᠲᠤ ᠬᠤᠪᠢ | ᠨᠡᠮᠡᠷᠢ ᠪᠠᠨ ᠦᠵᠡᠬᠦᠯᠦᠭᠰᠡᠨ ᠪᠠᠭᠠᠳᠤᠷ᠃ 1206 ᠤᠨ ᠳᠤ ᠴᠢᠩᠬᠢᠰ ᠬᠠᠭᠠᠨ ᠪᠦᠬᠦ ᠢᠰᠡᠭᠡᠢ ᠲᠤᠭᠤᠷᠭᠠᠳᠠᠨ ᠤ | ᠬᠠᠭᠠᠨ ᠪᠤᠯᠤᠭᠰᠠᠨ ᠤ ᠲᠠᠷᠠᠭ᠎ᠠ ᠤᠯᠤᠰ ᠪᠠᠶᠢᠭᠤᠯᠬᠤ ᠳᠤ ᠵᠢᠳᠬᠦᠯ ᠦᠵᠡᠬᠦᠯᠦᠭᠰᠡᠨ ᠭᠠᠪᠢᠶᠠᠳᠤ ᠢᠶᠠᠨ ᠮᠢᠩᠭ᠎ᠠ | ᠮᠢᠩᠭᠠᠯᠠᠵᠤ᠂ ᠮᠢᠩᠭᠠᠨ ᠤ ᠨᠤᠶᠠᠨ ᠡᠷᠬᠦᠮᠵᠢᠯᠡᠬᠦ ᠳᠡᠭᠡᠨ ᠬᠢᠯᠦᠭᠡᠨ ᠪᠠᠭᠠᠳᠤᠷ ᠢ ᠲᠠᠪᠤᠳᠤᠭᠠᠷ ᠲᠤ ᠲᠤᠷᠠᠳᠤᠵᠤ | ᠡᠷᠬᠦᠮᠵᠢᠯᠠᠪᠠ᠃ ᠬᠢᠯᠦᠭᠡᠨ ᠪᠠᠭᠠᠳᠤᠷ ᠪᠤᠯ ᠮᠤᠩᠭᠤᠯ ᠬᠠᠭᠠᠨᠳᠤ ᠤᠯᠤᠰ ᠤᠨ ᠦᠶ᠎ᠡ ᠶᠢᠨ ᠤᠷᠠᠨ ᠵᠤᠬᠢᠶᠠᠯᠴᠢ᠂ | ᠵᠢᠷᠤᠬᠠᠶᠢᠴᠢ ᠪᠠ ᠰᠢᠯᠦᠭᠴᠢᠨ ᠶᠤᠮ᠃ ᠲᠡᠤᠭᠡᠨ ᠲᠡᠮᠳᠡᠭᠯᠡᠯ ᠳᠤ ᠲᠡᠮᠳᠡᠭᠯᠡᠭᠰᠡᠨ ᠢᠶᠠᠷ᠂ ᠴᠢᠩᠬᠢᠰ ᠬᠠᠭᠠᠨ ᠢ ᠨᠠᠰᠤ | ᠨᠦᠭᠴᠭᠰᠡᠨ ᠤ ᠲᠠᠷᠠᠭ᠎ᠠ ᠴᠢᠨᠳᠡᠷ ᠢ ᠨᠢ ᠮᠤᠩᠭᠤᠯ ᠨᠤᠳᠤᠭ ᠲᠠᠭᠠᠨ ᠠᠪᠴᠢᠷᠠᠬᠤ ᠨᠢᠭᠡ ᠵᠠᠮ ᠲᠡᠭᠡᠷ᠎ᠠ ᠬᠢᠯᠦᠭᠡᠨ | ᠪᠠᠭᠠᠳᠤᠷ ᠵᠤᠭᠰᠦᠯᠳᠠ ᠦᠬᠡᠢ ᠮᠠᠭᠳᠠᠭᠠᠯ ᠰᠢᠯᠤᠭ᠌ ᠣᠩᠰᠢᠵᠤ ᠪᠠᠶᠢᠭᠰᠠᠨ ᠮᠦᠷᠳᠡᠭᠡᠨ ᠴᠢᠩᠬᠢᠰ ᠬᠠᠭᠠᠨ ᠤ ᠲᠠᠬᠢᠯᠭ᠎ᠠ | ᠤᠨ ᠲᠠᠬᠢᠯᠴᠢ ᠪᠤᠯᠵᠤ ᠪᠠᠶᠢᠪᠠ᠃ ᠲᠡᠬᠦᠨ ᠤ ᠮᠠᠭᠳᠠᠭᠠᠯ ᠰᠢᠯᠤᠭ᠌ ᠨᠢ ᠤᠳᠤ ᠬᠦᠷᠳᠡᠯ᠎ᠡ ᠤᠯᠠᠮᠵᠢᠯᠠᠭᠳᠠᠵᠤ ᠪᠠᠶᠢᠳᠠᠭ᠃ | |