ᠯ᠊᠂ ᠵᠣᠷᠢᠭᠳᠦᠪᠠᠭᠠᠳᠤᠷ
ᠨᠡᠶᠢᠲᠡᠯᠡᠭᠰᠡᠨ ᠴᠠᠭ᠄
2010/10/9
             ᠯ᠊᠂ ᠵᠣᠷᠢᠭᠳᠦᠪᠠᠭᠠᠳᠤᠷ  ᠤᠨ ᠨᠠᠮᠳᠠᠷ       ᠯ᠊᠂ ᠵᠣᠷᠢᠭᠳᠦᠪᠠᠭᠠᠳᠤᠷ᠂ ᠡᠷᠡᠭᠳᠡᠢ᠂ ᠮᠤᠩᠭᠤᠯ ᠦᠨᠳᠦᠰᠦᠳᠡᠨ᠂ 1962 ᠤᠨ ᠳᠤ ᠲᠦᠷᠦᠵᠡᠢ᠃ ᠤᠭ ᠨᠤᠳᠤᠭ ᠰᠦᠨᠢᠳ ᠵᠡᠬᠦᠨ ᠬᠤᠰᠢᠭᠤᠨ ᠤ ᠪᠠᠶᠠᠨᠪᠤᠯᠠᠭ ᠰᠤᠮᠤᠨ ᠤ ᠪᠠᠶᠠᠨᠪᠤᠯᠠᠭ ᠭᠠᠴᠠᠭᠠᠨ ᠤ ᠬᠦᠮᠦᠨ᠂ ᠶᠡᠭᠡ ᠰᠤᠷᠭᠠᠭᠤᠯᠢ ᠶᠢᠨ ᠰᠤᠷᠤᠯᠭ᠎ᠠ ᠶᠢᠨ ᠨᠠᠮᠳᠠᠷ ᠲᠠᠢ᠃ ᠤᠳᠤ ᠰᠦᠨᠢᠤᠨ ᠵᠡᠬᠦᠨ ᠬᠤᠰᠢᠭᠤᠨ ᠤ ᠮᠦᠽᠸᠢ ᠳᠤ ᠠᠵᠢᠯᠯᠠᠵᠦ ᠪᠠᠶᠢᠨ᠎ᠠ᠃ ᠯᠤᠪᠰᠠᠩᠵᠠᠮᠰᠦ ᠪᠤᠯᠤᠨ ᠪᠤᠶ᠋ᠬᠠᠦ᠋ᠯᠵᠡᠢ ᠶᠢᠨ ᠤᠳᠬᠠᠨ ᠬᠦᠤ ᠯ᠊᠂ ᠵᠤᠷᠢᠭᠳᠦᠪᠠᠭᠠᠳᠤᠷ 1983 ᠤᠨ ᠠᠴᠠ 2004 ᠤᠨ ᠬᠦᠷᠳᠡᠯ᠎ᠡ ᠰᠦᠨᠢᠳ ᠵᠠᠬᠦᠨ ᠬᠤᠰᠢᠭᠤᠨ ᠤ ᠤᠯᠠᠭᠠᠠᠮᠦ᠋ᠴᠢᠷ ᠲᠤ ᠮᠤᠷᠢᠨ ᠬᠤᠭᠤᠷᠴᠢ ᠪᠠᠷ ᠠᠵᠢᠯᠯᠠᠵᠦ᠂ 2004 ᠤᠨ ᠠᠴᠠ 2009 ᠤᠨ ᠬᠦᠷᠳᠡᠯ᠎ᠡ ᠰᠦᠨᠢᠳ ᠵᠡᠬᠦᠨ ᠬᠤᠰᠢᠭᠤᠨ ᠤ ᠰᠣᠶᠣᠯ ᠤᠨ ᠤᠷᠳᠤᠨ ᠳᠤ ᠠᠵᠢᠯᠯᠠᠵᠦ᠂ 2009 ᠤᠨ ᠳᠤ ᠰᠦᠨᠢᠳ ᠮᠦᠽᠸᠢ ᠳᠤ ᠰᠢᠯᠵᠢᠨ ᠠᠵᠢᠯᠯᠠᠪᠠ᠃ ᠲᠡᠷᠨ  ᠪᠠᠷ ᠤᠯᠤᠰ ᠤᠨ ᠬᠤᠶᠠᠳᠤᠭᠠᠷ ᠲᠡᠰ ᠤᠨ ᠠᠶ᠎ᠡ ᠵᠤᠬᠢᠶᠠᠭᠴᠢ ᠶᠢᠨ ᠴᠤᠯᠨ ᠲᠠᠢ᠂ ᠳᠤᠮᠳᠠᠳᠦ ᠤᠯᠤᠰ ᠤᠨ ᠮᠤᠷᠢᠨ ᠬᠤᠭᠤᠷ ᠤᠨ ᠡᠷᠳᠡᠮ ᠰᠢᠠᠵᠢᠯᠡᠭᠡᠨ ᠤ ᠨᠡᠶᠢᠭᠡᠮᠯᠢᠭ ᠤᠨ ᠭᠡᠰᠢᠬᠦᠨ᠂ ᠰᠢᠯᠢ ᠶᠢᠨ ᠭᠤᠤᠯ ᠠᠶᠢᠮᠠᠭ ᠤᠨ ᠮᠤᠷᠢᠨ ᠬᠤᠭᠤᠷ ᠤᠨ ᠡᠷᠳᠡᠮ ᠰᠢᠠᠵᠢᠯᠡᠭᠡᠨ ᠤ ᠨᠡᠶᠢᠭᠡᠮᠯᠢᠭ ᠤᠨ ᠲᠠᠷᠤᠭ᠎ᠠ᠂ ᠦᠪᠦᠷ ᠮᠤᠩᠭᠤᠯ ᠤᠨ ᠲᠠᠭᠤᠤ ᠬᠦᠭᠵᠢᠮᠴᠢᠳ ᠤᠨ ᠨᠡᠶᠢᠭᠡᠮᠯᠢᠭ ᠤᠨ ᠭᠡᠰᠢᠬᠦᠨ᠂ ᠲᠤᠮᠳᠠᠳᠦ ᠤᠯᠤᠰ ᠤᠨ ᠦᠪᠦᠷ ᠮᠤᠩᠭᠤᠯ ᠤᠨ ᠤᠷᠳᠦ ᠶᠢᠨ ᠲᠠᠭᠤᠤ ᠶᠢᠨ ᠡᠷᠳᠡᠮ ᠰᠢᠠᠵᠢᠯᠡᠭᠡᠨ ᠤ ᠨᠡᠶᠢᠭᠡᠮᠯᠢᠭ ᠤᠨ ᠬᠡᠷᠡᠭ ᠡᠷᠭᠢᠯᠡᠭᠴᠢ᠂ ᠰᠢᠯᠢ ᠶᠢᠨ ᠭᠤᠤᠯ ᠠᠶᠢᠮᠠᠭ ᠤᠨ ᠤᠳᠬ᠎ᠠ ᠤᠷᠠᠯᠢᠭ ᠤᠨ ᠬᠤᠯᠪᠤᠭᠠᠨ ᠤ ᠭᠡᠰᠢᠬᠦᠨ᠂ ᠰᠦᠨᠢᠳ ᠵᠡᠬᠦᠨ ᠬᠤᠰᠢᠭᠤᠨ ᠤ ᠤᠳᠬ᠎ᠠ ᠤᠷᠠᠯᠢᠭ ᠤᠨ ᠬᠤᠯᠪᠤᠭᠠᠨ ᠤ ᠭᠡᠰᠢᠬᠦᠨ᠂ ᠤᠯᠤᠰ ᠲᠦᠷᠦ ᠶᠢᠨ ᠵᠦᠪᠯᠡᠯᠭᠡᠨ ᠤ ᠰᠦᠨᠢᠳ ᠵᠡᠬᠦᠨ ᠬᠤᠰᠢᠭᠤᠨ ᠤ ᠲᠤᠯᠤᠳᠤᠭᠠᠷ᠂ ᠨᠠᠢᠮᠠᠳᠤᠭᠠᠷ ᠬᠤᠭᠤᠴᠠᠭᠠᠨ ᠤ ᠭᠡᠰᠢᠬᠦᠨ ᠵᠡᠷᠭᠡ ᠨᠡᠶᠢᠭᠡᠮ ᠤᠨ ᠲᠤᠰᠢᠶᠡᠯ ᠲᠠᠢ᠃ ᠬᠤᠷᠢ ᠭᠠᠷᠤᠢ ᠵᠢᠯ ᠤᠳᠬ᠎ᠠ ᠤᠷᠠᠯᠢᠭ ᠤᠨ ᠦᠢᠯᠡᠰ ᠲᠤ ᠬᠦᠴᠦ  ᠪᠠᠨ ᠡᠷᠬᠦᠵᠦ᠂ ᠤᠷᠤᠨ ᠠᠶᠢᠮᠠᠭ ᠤᠨ ᠱᠠᠩᠨᠠᠯ ᠬᠦᠬᠢᠬᠦᠯᠦᠯ ᠢ ᠤᠯᠠᠠᠳᠠ ᠬᠦᠷᠳᠡᠵᠡᠢ᠃ ᠡᠬᠦᠨ ᠳᠤ ︽ᠠᠵᠡ ᠶᠢᠨ ᠬᠤᠷᠸ᠎ᠠ ᠰᠢᠯᠢ ᠶᠢᠨ ᠬᠤᠳᠡ ᠮᠢᠨᠢ︾᠂ ᠠᠭᠤᠵᠢᠮ ᠲᠠᠮᠠᠴᠢ︾᠂ ︽ᠴᠢᠩᠬᠢᠰ ᠪᠤᠭᠳᠠ ᠠᠭᠤᠯᠨ︾᠂ ︽ᠰᠠᠭᠠᠯᠢᠴᠢᠨ︾᠂ ︽ᠤᠨᠠᠭᠠᠨ ᠨᠤᠳᠤᠭ ᠪᠠᠶᠠᠠᠪᠤᠯᠠᠭ︾᠂ ︽ᠠᠯᠳᠠᠷᠳᠦ ᠪᠦᠭᠡ — ᠠᠷᠪᠠᠨ ᠵᠢᠷᠭᠤᠭᠠᠳᠦ ᠴᠤᠶᠢᠵᠠᠮᠰᠦ︾ ᠵᠡᠷᠭᠡ ᠲᠠᠭᠤᠤ ᠨᠢ ᠪᠦᠬᠦ ᠤᠷᠤᠨ ᠤ ᠲᠤᠰᠬᠠᠢ ᠮᠡᠷᠭᠡᠵᠢᠯ ᠤᠨ ᠲᠠᠭᠤᠴᠢᠳ ᠤᠨ ᠮᠦᠷᠦᠶᠢᠴᠡᠭᠡᠨ ᠳᠤ ᠵᠤᠬᠢᠶᠠᠯ ᠪᠦᠳᠦᠭᠡᠯ ᠤᠨ ᠱᠠᠩᠨᠠᠯ᠂ ᠤᠷᠤᠨ ᠤ ᠬᠤᠶᠠᠳᠤᠭᠠᠷ ᠲᠡᠰ ᠤᠨ ᠱᠠᠩᠨᠠᠯ ᠢ ᠲᠤᠰ ᠲᠤᠰ ᠬᠦᠷᠳᠡᠵᠦ ᠦᠩᠭᠡᠷᠡᠪᠡ᠃ ︽ᠡᠯᠢᠭᠡᠨ ᠬᠠᠶᠢᠷᠠᠳᠦ ᠰᠢᠯᠢ ᠶᠢᠨ ᠭᠤᠤᠯ︾᠂ ︽ᠡᠵᠢ ᠪᠠᠨ ᠮᠦᠷᠦᠭᠡᠳᠦᠭᠰᠡᠨ ᠲᠠᠭᠤᠤ︾᠂ ︽ᠢᠳᠡᠭᠡᠯ ᠤᠨ ᠰᠦ ᠲᠠᠢ ᠦᠢᠯᠡᠰ ᠤᠨ ᠲᠦᠷᠦᠭᠡ︾᠂ ︽ᠰᠦᠨ ᠬᠠᠶᠢᠷ᠎ᠡ ᠶᠢᠨ ᠲᠡᠭᠷᠢ︾᠂ ︽ᠦᠢᠯᠡᠰ ᠰᠠᠷᠮᠡᠬᠦᠨ ᠬᠠᠩᠭᠠᠢ︾᠂ ︽ᠬᠦᠭᠡ ᠶᠢᠨ ᠬᠦᠬᠡᠬᠤᠳᠡ︾᠂ ︽ᠦᠢᠯᠡᠰ ᠤᠨ ᠰᠠᠶᠢᠬᠠᠨ ᠦᠵᠦᠮᠦᠴᠢᠨ ᠨᠤᠳᠤᠭ︾᠂ ︽ᠭᠤᠷᠪᠠᠨ ᠤᠪᠤᠭᠠᠨ ᠰᠢᠯᠢ︾ ᠵᠡᠷᠭᠡ ᠲᠠᠭᠤᠤ ᠨᠤᠭᠤᠳ ᠨᠢ ᠠᠶᠢᠮᠠᠭ ᠤᠨ ᠲᠠᠰ ᠤᠨ ᠨᠢᠭᠡ ᠬᠤᠶᠠᠳᠤᠭᠠᠷ ᠱᠠᠩᠨᠠᠯ ᠢ ᠬᠦᠷᠳᠡᠵᠦ ᠪᠠᠶᠢᠭᠰᠠᠨ ᠲᠡᠤᠭᠡ ᠲᠠᠢ᠃ 2007 ᠤᠨ ᠳᠤ ᠪᠤᠯᠤᠭᠰᠠᠨ ᠪᠦᠬᠦ ᠤᠷᠤᠨ ᠤ ᠲᠦᠷᠪᠡᠳᠦᠭᠡᠷ ᠬᠤᠭᠤᠴᠠᠭᠠᠨ ᠤ ᠤᠯᠠᠭᠠᠠᠮᠦ᠋ᠴᠢᠷ ᠤᠨ ᠤᠷᠠᠯᠢᠭ ᠤᠨ ᠨᠠᠶᠢᠷ ᠲᠤ ᠠᠯᠳᠠᠷᠳᠦ ᠪᠦᠭᠡ — ᠠᠷᠪᠠᠨ ᠵᠢᠷᠭᠤᠭᠠᠳᠦ ᠴᠤᠶᠢᠵᠠᠮᠰᠦ ᠭᠡᠳᠡᠭ ᠲᠠᠭᠤᠤ ᠨᠢ ᠵᠤᠬᠢᠶᠡᠯ ᠪᠦᠳᠦᠭᠡᠯ ᠤᠨ ᠬᠤᠶᠠᠳᠤᠭᠠᠷ ᠲᠡᠰ ᠤᠨ ᠱᠠᠩᠨᠠᠯ ᠬᠦᠷᠳᠡᠪᠡ᠃ ᠡᠬᠦᠨ ᠠᠴᠠ ᠭᠠᠳᠠᠨ᠎ᠠ 20 ᠰᠢᠬᠠᠮ ᠲᠠᠭᠤᠤ ᠤᠨ ᠪᠦᠳᠦᠬᠡᠯ ᠨᠢ ᠬᠢᠳᠠᠤᠨ ᠭᠡᠯᠡᠨ᠎ᠡ ᠤᠷᠴᠢᠭᠤᠯᠤᠭᠳᠠᠨ ᠤᠳᠤᠨ ᠤ ᠲᠤᠳᠤᠷ᠎ᠡ ᠭᠠᠳᠠᠨ᠎ᠠ ᠦᠷᠭᠡᠨ ᠢᠶᠠᠷ ᠲᠡᠯᠭᠡᠷᠡᠵᠡᠢ᠃ 2007 ᠤᠨ ᠳᠤ ᠰᠦᠨᠢᠳ ᠰᠤᠶᠤᠯ ᠤᠨ ᠪᠠᠶᠢᠭᠤᠯᠤᠯᠳᠡ ᠶᠢᠨ ᠶᠡᠭᠡ ᠱᠠᠩᠨᠠᠯᠳᠦ ᠬᠤᠷᠡᠯ ᠲᠡᠭᠡᠷ᠎ᠡ ᠰᠢᠯᠢᠳᠡᠭ ᠬᠦᠭᠵᠢᠮ ᠤᠨ ᠵᠤᠬᠢᠶᠠᠯᠴᠢ ᠪᠠᠷ ᠴᠤᠯᠯᠠᠭᠳᠠᠭᠰᠠᠨ ᠳᠠᠭᠠᠨ ᠨᠤᠳᠤᠭ ᠤᠰᠤᠨ ᠤ ᠪᠠᠨ ᠨᠠᠮ᠂ ᠵᠠᠰᠠᠭ᠂ ᠠᠷᠠᠳ ᠲᠦᠮᠡᠨ ᠳᠡᠭᠡᠨ ᠪᠠᠭ᠋ᠠᠷᠬᠠᠵᠦ ᠶᠠᠪᠤᠳᠠᠭ ᠶᠤᠮ᠃ 2008 ᠤᠨ ᠳᠤ ᠪᠡᠭᠡᠵᠢᠩ ᠳᠤ ᠪᠤᠯᠤᠭᠰᠠᠨ ᠤᠯᠢᠮᠫᠢᠺ ᠤᠨ ᠪᠡᠶ᠎ᠡ ᠲᠠᠮᠢᠷ ᠤᠨ ᠴᠤᠭᠯᠠᠭᠠᠨ ᠢ ᠪᠡᠯᠭᠡᠯᠡᠬᠦ ᠮᠤᠷᠢᠨ ᠬᠤᠭᠤᠷᠴᠢ ᠪᠠᠷ ᠰᠤᠩᠭᠤᠭᠳᠠᠨ ᠤᠷᠤᠯᠴᠠᠪᠠ᠃      2009 ᠤᠨ ᠤ 7 ᠰᠠᠷ᠎ᠡ ᠶᠢᠨ ᠨᠢᠬᠡᠨ ᠳᠤ ᠪᠤᠯᠤᠭᠰᠠᠨ ᠨᠠᠮ ᠪᠠᠶᠢᠭᠤᠯᠤᠭᠳᠠᠭᠰᠠᠨ 88 ᠵᠢᠯ ᠤᠨ ᠤᠢ ᠪᠤᠯᠤᠨ ᠤᠯᠤᠰ ᠪᠠᠶᠢᠭᠤᠯᠤᠭᠳᠠᠭᠰᠠᠨ 60 ᠵᠢᠯ ᠤᠨ ᠤᠢ ᠶᠢ ᠤᠭᠳᠤᠨ ᠪᠡᠯᠭᠡᠯᠡᠬᠦ᠂ ᠰᠢᠯᠢ ᠶᠢᠨ ᠭᠤᠤᠯ ᠠᠶᠢᠮᠠᠭ ᠤᠨ ︽ᠠᠶᠢᠯᠢ ᠶᠢᠨ ᠴᠤᠤᠷᠢᠶ᠎ᠡ︾ ᠨᠠᠶᠢᠷᠡᠯ ᠲᠠᠭᠤᠤ ᠶᠢᠨ ᠤᠷᠤᠯᠳᠤᠭᠠᠨ ᠪᠠ ᠪᠦᠬᠦ ᠠᠶᠢᠮᠠᠭ ᠤᠨ ᠤᠯᠠᠭᠠᠠᠮᠦ᠋ᠴᠢᠷ ᠤᠨ ᠠᠳᠠᠯᠢᠳᠬᠠᠨ ᠰᠢᠯᠭᠠᠷᠠᠭᠤᠯᠬᠤ ᠤᠷᠤᠯᠳᠤᠭᠠᠨ ᠳᠤ ᠲᠤᠰ ᠲᠤᠰ ᠤᠨᠴᠠ ᠤᠷᠢᠭᠰᠠᠨ ᠬᠢᠨᠠᠭᠴᠢ ᠪᠠᠷ ᠤᠷᠢᠭᠳᠡᠪᠠ᠃ ᠤᠯᠠᠭᠠᠠᠮᠦ᠋ᠴᠢᠷ ᠤᠨ ᠠᠳᠠᠯᠢᠳᠬᠠᠨ ᠰᠢᠯᠭᠠᠷᠠᠭᠤᠯᠬᠤ ᠤᠷᠤᠯᠳᠤᠭᠠᠨ ᠳᠤ ︽ᠡᠩᠭᠡᠷ ᠤᠨ ᠭᠤᠤᠯ︾ ᠭᠡᠮᠡᠬᠦ ᠰᠢᠨ᠎ᠡ ᠵᠤᠬᠢᠶᠡᠯ ᠪᠦᠳᠦᠭᠡᠯ ᠤᠨ ᠲᠠᠭᠤᠤ ᠨᠢ ᠵᠤᠬᠢᠶᠡᠯ ᠪᠦᠳᠦᠭᠡᠯ ᠤᠨ ᠨᠢᠭᠡᠳᠦᠭᠡᠷ ᠲᠡᠰ ᠤᠨ ᠱᠠᠩᠨᠠᠯ᠂ ᠠᠯᠳᠡᠨ ᠮᠧᠳᠡᠯ ᠲᠤᠰᠪᠠ᠃ 2009 ᠤᠨ ᠳᠤ ᠠᠯᠳᠠᠷᠳᠦ ᠪᠦᠭᠡ ᠠᠷᠪᠠᠨ ᠵᠢᠷᠭᠤᠭᠠᠳᠦ — ᠴᠤᠶᠢᠵᠡᠮᠰᠦ ᠶᠢᠨ ᠲᠠᠭᠤᠤ ᠨᠢ ᠤᠷᠤᠨ ᠤ ︽5᠂ 1︾ ᠶᠢᠨ ᠢᠨᠵᠧᠨ᠋ᠷᠢᠩ ᠤᠨ ᠱᠠᠩᠨᠠᠯ ᠬᠦᠷᠳᠡᠪᠠ᠃
 
ᠢᠷᠡᠯᠲᠡ᠄ ᠯ᠊᠂ ᠵᠣᠷᠢᠭᠳᠦᠪᠠᠭᠠᠳᠤᠷ ᠬᠠᠩᠭᠠᠪᠠ᠃
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号