ᠳᠡᠯᠡᠬᠡᠢ ᠳ᠋ᠠᠬᠢᠨ ᠳᠤ ᠨᠡᠷ᠎ᠡ ᠠᠯᠳᠠᠷᠰᠢᠭᠰᠠᠨ ᠰᠥᠨᠢᠳ ᠬᠤᠨᠢ
ᠨᠡᠶᠢᠲᠡᠯᠡᠭᠰᠡᠨ ᠴᠠᠭ᠄
2010/11/16
             ᠳᠡᠯᠡᠬᠡᠢ ᠳ᠋ᠠᠬᠢᠨ ᠳᠤ ᠨᠡᠷ᠎ᠡ ᠠᠯᠳᠠᠷᠰᠢᠭᠰᠠᠨ ᠰᠥᠨᠢᠳ ᠬᠤᠨᠢ                         — ᠳᠤᠮᠳᠠᠳᠤ ᠤᠯᠤᠰ ᠤᠨ ᠭᠠᠵᠠᠷ ᠤᠷᠤᠨ ᠤ                         ᠰᠢᠨᠵᠢ ᠳᠡᠮᠳᠡᠭᠳᠤ ᠪᠥᠳᠥᠭᠡᠭᠳᠡᠭᠦᠨ ᠪᠦᠳᠦᠬᠦᠨ ᠰᠡᠬᠦᠯᠳᠦ                         ᠰᠥᠨᠢᠳ ᠬᠤᠨᠢᠨ ᠤ ᠳᠤᠬᠠᠢ ᠪᠤᠳᠠᠳᠤ ᠳᠡᠮᠳᠡᠭᠯᠡᠯ         ᠨᠠᠶᠢᠵᠠ ᠡ︕ ᠲᠠ ᠮᠡᠳᠡᠨ᠎ᠡ ᠤᠤ︖ ᠳᠡᠯᠡᠬᠡᠢ ᠳᠤ ᠠᠯᠳᠠᠷᠰᠢᠭᠰᠠᠨ ᠰᠢᠯᠢ ᠶᠢᠨ ᠭᠤᠤᠯ ᠤᠨ ᠳᠠᠯ᠎ᠠ ᠨᠤᠳᠤᠭ ᠎ ᠤᠨ ᠬᠤᠶᠢᠳᠤ ᠵᠠᠬ᠎ᠠ ᠳᠤ᠂ ᠨᠢᠬᠡ ᠬᠡᠰᠡᠭ ᠥᠷᠬᠡᠨ ᠠᠭᠤᠳᠠᠮ ᠪᠥᠬᠡᠳ ᠥᠪᠡᠷᠮᠢᠴᠡ ᠤᠨᠴᠠᠯᠢᠭ ᠲᠠᠢ ᠪᠠᠶᠢᠭᠠᠯᠢᠭ ᠪᠡᠯᠴᠢᠭᠡᠷ ᠪᠠᠶᠢᠳᠠᠭ᠃ ᠠᠳᠡ ᠰᠡᠬᠦᠶᠢᠨ ᠰᠥᠨᠳᠡᠷᠯᠡᠭᠰᠡᠨ ᠴᠡᠯᠡᠭᠡᠷ ᠰᠠᠬᠤᠯᠢᠭ ᠤᠢ ᠮᠤᠳᠤ ᠪᠠᠶᠢᠬᠤ ᠥᠬᠡᠢ᠂ ᠪᠡᠯᠴᠢᠭᠡᠷ ᠡᠪᠡᠰᠤ ᠨᠢ ᠴᠦ ᠥᠳᠬᠡᠨ ᠵᠤᠵᠠᠭᠠᠨ ᠪᠢᠰᠢ᠂ ᠬᠡᠪᠡᠴᠥ ᠳᠡᠬᠦᠨ ᠤ ᠥᠪᠡᠷᠮᠢᠴᠡ ᠭᠠᠵᠠᠷ ᠵᠥᠢ ᠶᠢᠨ ᠪᠠᠶᠢᠷᠢᠰᠢᠯ ᠪᠠ ᠠᠭᠤᠷ ᠠᠮᠢᠰᠬᠤᠯ ᠤᠨ ᠨᠥᠬᠦᠴᠡᠯ ᠨᠢ᠂ ᠬᠤᠯᠠ ᠤᠶᠢᠷ᠎ᠠ ᠳᠠᠭᠠᠨ ᠠᠯᠳᠠᠷᠰᠢᠭᠰᠠᠨ ᠰᠥᠨᠢᠳ ᠬᠤᠨᠢ ᠶᠢ ᠡᠬᠦᠰᠬᠡᠨ ᠪᠤᠶᠢᠵᠢᠭᠤᠯᠤᠭᠰᠠᠨ ᠪᠠᠶᠢᠨ᠎ᠠ᠃ ᠡᠨᠡᠭᠦ ᠥᠨᠢ ᠤᠳᠠᠭᠠᠨ ᠳᠡᠥᠬᠡ ᠲᠠᠢ ᠪᠠᠶᠢᠭᠠᠯᠢᠭ ᠪᠡᠯᠴᠢᠭᠡᠷ ᠪᠤᠯ ᠳᠠᠷᠤᠢ ᠰᠥᠨᠢᠳ ᠤᠨ ᠳᠠᠯ᠎ᠠ ᠨᠤᠳᠤᠭ ᠪᠤᠯᠤᠨ᠎ᠠ᠃ ᠡᠨᠡᠬᠦ ᠥᠪᠡᠷᠮᠢᠴᠡ ᠤᠨᠴᠠᠯᠢᠭ ᠲᠠᠢ ᠳᠠᠯ᠎ᠠ ᠨᠤᠳᠤᠭ ᠳᠡᠬᠡᠷ᠎ᠠ ᠥᠪᠡᠷᠮᠢᠴᠡ ᠤᠨᠴᠠᠯᠢᠭ ᠲᠠᠢ ᠰᠢᠯᠢᠳᠡᠭ ᠡᠬᠦᠯᠳᠡᠷ ᠥᠰᠥᠨ ᠪᠤᠶᠢᠵᠢᠵᠠᠢ᠃ ᠰᠥᠨᠢᠳ ᠬᠤᠨᠢ ᠪᠤᠯ ᠠᠭᠤᠷ ᠠᠮᠢᠰᠬᠤᠯ ᠭᠠᠩ ᠬᠠᠭᠤᠷᠠᠢ ᠳᠡᠰᠬᠢᠮ᠎ᠡ ᠬᠥᠢᠳᠡᠨ᠂ ᠪᠡᠯᠴᠢᠭᠡᠷ ᠡᠪᠡᠰᠤ ᠪᠤᠭᠤᠨᠢ ᠰᠡᠶᠢᠷᠡᠭ ᠰᠥᠨᠢᠳ ᠤᠨ ᠴᠥᠯᠥᠷᠬᠡᠭ ᠬᠠᠭᠠᠰ ᠴᠥᠯᠥᠷᠬᠡᠭ ᠳᠠᠯ᠎ᠠ ᠨᠤᠳᠤᠭ ᠤᠨ ᠤᠨᠴᠠᠭᠠᠢ ᠠᠮᠢ ᠠᠬᠤᠢ ᠶᠢᠨ ᠤᠷᠴᠢᠨ ᠳᠤ᠂ ᠤᠷᠳᠤ ᠬᠤᠭᠤᠴᠠᠭᠠᠨ ᠤ ᠪᠠᠶᠢᠭᠠᠯᠢ ᠶᠢᠨ ᠰᠢᠯᠢᠯᠳᠡ ᠪᠠ ᠬᠥᠮᠥᠨ ᠤ ᠬᠥᠴᠥ ᠪᠠᠷ ᠰᠤᠩᠭᠤᠨ ᠪᠤᠶᠢᠵᠢᠭᠤᠯᠬᠤ ᠪᠠᠷ ᠳᠠᠮᠵᠢᠵᠤ ᠪᠥᠷᠢᠯᠳᠥᠭᠰᠡᠨ ᠮᠤᠩᠭᠤᠯ ᠬᠤᠨᠢᠨ ᠤ ᠰᠢᠰᠲ᠋ᠧᠮ ᠳᠤᠳᠤᠷᠠᠬᠢ ᠥᠪᠡᠷᠮᠢᠴᠡ ᠤᠨᠴᠠᠯᠢᠭ ᠲᠠᠢ ᠰᠢᠯᠢᠳᠡᠭ ᠡᠬᠦᠯᠳᠡᠷ ᠪᠤᠯᠬᠤ ᠪᠥᠬᠡᠳ ᠮᠥᠨᠴᠥ ᠮᠠᠨ ᠤ ᠤᠯᠤᠰ ᠤᠨ ᠬᠤᠪᠤᠷ ᠴᠤᠬᠠᠭ ᠰᠢᠯᠢᠳᠡᠭ ᠡᠬᠦᠯᠳᠡᠷ ᠤᠨ ᠬᠤᠨᠢᠨ ᠤ ᠡᠬᠢ ᠪᠠᠶᠠᠯᠢᠭ ᠪᠤᠯᠤᠨ᠎ᠠ᠃        ᠤᠷᠳᠤ ᠬᠤᠭᠤᠴᠠᠭᠠᠨ ᠤ ᠳᠤᠷᠰᠢ᠂ ᠤᠯᠠᠨ ᠵᠥᠢᠯ ᠤᠨ ᠰᠢᠯᠳᠠᠭᠠᠨ ᠠᠴᠠ ᠪᠤᠯᠵᠤ᠂ ᠰᠢᠯᠢᠳᠡᠭ ᠡᠬᠦᠯᠳᠡᠷ ᠪᠤᠯᠬᠤ ᠰᠥᠨᠢᠳ ᠬᠤᠨᠢᠨ ᠤ ᠳᠤᠬᠠᠢ ᠰᠢᠰᠲ᠋ᠧᠮ ᠲᠠᠢ ᠰᠤᠳᠤᠯᠤᠯ ᠪᠠ ᠰᠢᠨᠵᠢᠯᠡᠬᠦ ᠤᠬᠠᠭᠠᠨᠴᠢ ᠪᠠᠳᠤᠯᠠᠯᠳᠠ ᠥᠬᠡᠢ ᠪᠠᠶᠢᠵᠠᠢ᠃ ᠥᠬᠡᠷᠴᠢᠯᠡᠯᠳᠡ ᠬᠢᠵᠤ ᠴᠢᠯᠥᠭᠡᠳᠠᠢ ᠶᠠᠪᠤᠯᠴᠠᠭᠰᠠᠨ ᠠᠴᠠ ᠬᠤᠶᠢᠰᠢ᠂ ᠨᠠᠮ ᠪᠠ ᠵᠠᠰᠠᠭ ᠤᠨ ᠤᠷᠳᠤᠨ ᠠᠴᠠ ᠰᠥᠨᠢᠳ ᠬᠤᠨᠢᠨ ᠤ ᠢᠵᠠᠭᠤᠷ ᠡᠬᠦᠯᠳᠡᠷ ᠢ ᠥᠷᠡᠵᠢᠬᠦᠯᠥᠨ ᠪᠤᠶᠢᠵᠢᠭᠤᠯᠬᠤ ᠪᠠ ᠴᠡᠪᠡᠷᠰᠢᠯᠡᠬᠦᠯᠥᠨ ᠰᠠᠶᠢᠵᠢᠷᠠᠭᠤᠯᠬᠤ ᠠᠵᠢᠯ ᠢ ᠶᠡᠬᠡᠪᠡᠷ ᠬᠥᠨᠳᠥᠳᠬᠡᠨ ᠥᠵᠡᠪᠡ᠃ ᠰᠥᠨᠢᠳ ᠬᠤᠨᠢᠨ ᠤ ᠡᠬᠦᠯᠳᠡᠷ ᠲᠤ ᠪᠥᠬᠦ ᠳᠠᠯ᠎ᠠ ᠪᠠᠷ ᠰᠢᠰᠲ᠋ᠧᠮ ᠲᠠᠢ ᠰᠤᠳᠤᠯᠤᠯᠳᠠ ᠪᠠ ᠪᠠᠳᠤᠯᠠᠯᠳᠠ ᠬᠢᠬᠦ ᠶᠢᠨ ᠳᠥᠯᠥᠭᠡ᠂ ᠰᠥᠨᠢᠳ ᠵᠡᠬᠦᠨ ᠬᠤᠰᠢᠭᠤ ᠨᠢ ᠥᠪᠥᠷ ᠮᠤᠩᠭᠤᠯ ᠤᠨ ᠳᠠᠷᠢᠶᠠᠯᠠᠩ ᠮᠠᠯ ᠠᠵᠥ ᠠᠬᠤᠢ ᠶᠢᠨ ᠳᠡᠬᠡᠳᠤ ᠰᠤᠷᠭᠠᠭᠤᠯᠢ ᠵᠡᠷᠬᠡ ᠡᠷᠳᠡᠮ ᠰᠢᠨᠵᠢᠯᠡᠬᠡᠨ ᠤ ᠰᠠᠯᠠᠭ᠎ᠠ ᠮᠥᠴᠢᠷ ᠲᠠᠢ ᠬᠠᠮᠵᠢᠯᠴᠠᠵᠤ᠂ ᠳᠠᠬᠡᠷ᠎ᠡ ᠵᠠᠭᠤᠨ ᠎ ᠤ ᠨᠠᠶᠠᠭᠠᠳ ᠤᠨ ᠠᠴᠠ ᠡᠬᠢᠯᠡᠨ ᠰᠥᠨᠢᠳ ᠬᠤᠨᠢᠨ ᠤ ᠡᠬᠦᠯᠳᠡᠷ ᠤᠨ ᠪᠠᠳᠤᠯᠠᠯᠳᠠ ᠪᠠ ᠰᠤᠩᠭᠤᠨ ᠪᠤᠶᠢᠵᠢᠭᠤᠯᠬᠤ ᠠᠵᠢᠯ ᠢ ᠶᠠᠪᠤᠭᠳᠠᠭᠤᠯᠪᠠ᠃ 1981 ᠤᠨ ᠠᠴᠠ ᠡᠬᠢᠯᠡᠨ ᠮᠡᠷᠬᠡᠵᠢᠯᠳᠡᠨ ᠢ ᠵᠤᠬᠢᠶᠠᠨ ᠪᠠᠶᠢᠭᠤᠯᠵᠤ ᠳᠤᠰ ᠡᠬᠦᠯᠳᠡᠷ ᠲᠤ ᠨᠠᠷᠢᠨ ᠬᠢᠨᠠᠮᠠᠭᠠᠢ ᠪᠠᠶᠢᠴᠠᠭᠠᠯᠳᠠ ᠪᠠ ᠰᠢᠯᠭᠠᠨ ᠬᠢᠨᠠᠯᠳᠠ ᠬᠢᠵᠤ᠂ 1982 ᠤᠨ ᠲᠤ ᠨᠥᠬᠦᠪᠥᠷᠢ ᠪᠠᠶᠢᠴᠠᠭᠠᠯᠳᠠ ᠪᠠ ᠪᠠᠳᠤᠯᠠᠯᠳᠠ ᠬᠢᠵᠤ᠂ ᠳᠤᠰ ᠵᠢᠯ ᠳᠤ ᠰᠥᠨᠢᠳ ᠬᠤᠨᠢ ᠶᠢ ᠰᠢᠨ᠎ᠡ ᠡᠬᠦᠯᠳᠡᠷ ᠤᠨ ᠬᠤᠪᠢ ᠪᠠᠷ ︿︿ᠰᠢᠯᠢ ᠶᠢᠨ ᠭᠤᠤᠯ ᠤᠨ ᠬᠡᠷ ᠤᠨ ᠳᠡᠵᠢᠭᠡᠪᠥᠷᠢ ᠶᠢᠨ ᠡᠬᠦᠯᠳᠡᠷ ᠤᠨ ᠤᠶᠢᠯᠠᠯᠭ᠎ᠠ﹀﹀᠎ ᠳᠤ ᠪᠢᠴᠢᠵᠤ ᠤᠷᠤᠭᠤᠯᠪᠠ᠃ 1984 ᠤᠨ ᠳᠤ ︽ᠰᠥᠨᠢᠳ ᠬᠤᠨᠢᠨ ᠤ ᠡᠬᠦᠯᠳᠡᠷ ᠤᠨ ᠤᠶᠢᠯᠠᠯᠭ᠎ᠠ︾᠎ ᠶᠢ ᠪᠢᠴᠢᠵᠤ᠂ ᠰᠥᠨᠢᠳ ᠬᠤᠨᠢ ᠶᠢ ᠰᠤᠩᠭᠤᠨ ᠪᠤᠶᠢᠵᠢᠭᠤᠯᠬᠤ ᠪᠠᠷᠢᠮᠵᠢᠶ᠎ᠠ ᠪᠠ ᠳᠥᠰᠥᠯ ᠢ ᠳᠤᠭᠳᠠᠭᠠᠵᠤ᠂ 1986 ᠤᠨ ᠲᠤ ᠰᠢᠯᠢ ᠶᠢᠨ ᠭᠤᠤᠯ ᠤᠨ ᠪᠠᠷᠢᠮᠵᠢᠶ᠎ᠠ ᠳᠤᠭᠳᠠᠭᠠᠬᠤ ᠳᠤᠪᠴᠢᠶᠠᠨ ᠠᠴᠠ ︿︿ᠰᠥᠨᠢᠳ ᠬᠤᠨᠢᠨ ᠤ ᠭᠠᠵᠠᠷ ᠤᠷᠤᠨ ᠤ ᠪᠠᠷᠢᠮᠵᠢᠶ᠎ᠠ﹀﹀᠎ ᠶᠢ ᠵᠥᠪᠰᠢᠶᠠᠷᠡᠪᠡ᠃ ︽ᠨᠠᠢᠮᠠ ᠳᠠᠪᠤ︾᠎ ᠶᠢᠨ ᠬᠤᠭᠤᠴᠠᠭᠠᠨ ᠳᠤ᠂ ᠤᠷᠤᠨ ᠎ ᠤ ᠰᠢᠨᠵᠢᠯᠡᠬᠦ ᠤᠬᠠᠭᠠᠨ ᠮᠡᠷᠬᠡᠵᠢᠯ ᠤᠨ ᠳᠠᠩᠬᠢᠮ ᠠᠴᠠ ᠰᠥᠨᠢᠳ ᠬᠤᠨᠢ ᠶᠢ ᠰᠤᠩᠭᠤᠨ ᠪᠤᠶᠢᠵᠢᠭᠤᠯᠵᠤ ᠴᠡᠪᠡᠷᠰᠢᠭᠦᠯᠬᠦ ᠶᠢ ᠭᠤᠤᠯᠳᠠᠯᠭ᠎ᠠ ᠲᠠᠢ ᠡᠷᠳᠡᠮ ᠰᠢᠨᠵᠢᠯᠡᠬᠡᠨ ᠤ ᠳᠥᠷᠥᠯ ᠵᠥᠢᠯ ᠪᠤᠯᠭᠠᠵᠤ᠂ 1993 ᠤᠨ ᠲᠤ ᠤᠯᠤᠰ ᠤᠨ ᠠᠷᠠᠯᠵᠢᠶ᠎ᠠ ᠬᠤᠳᠠᠯᠳᠤᠭᠠᠨ ᠤ ᠳᠤᠪᠴᠢᠶᠠᠨ ᠠᠴᠠ ︽ᠸᠠᠩ ᠶᠧ  ︾ ᠳᠡᠮᠳᠡᠭᠳᠤ ᠰᠥᠨᠢᠳ ᠬᠤᠨᠢᠨ ᠮᠢᠬᠠᠨ ᠤ ᠳᠠᠸᠠᠷ ᠤᠨ ᠳᠡᠮᠳᠡᠭ ᠢ ᠳᠠᠩᠰᠠᠯᠠᠨ ᠥᠭᠴᠤ᠂ 1995 ᠤᠨ ᠳᠤ ᠤᠷᠤᠨ ᠤ ᠶᠠᠰᠤ ᠴᠢᠨᠠᠷ ᠪᠠ ᠲᠧᠭᠨᠢᠭ ᠮᠡᠷᠬᠡᠵᠢᠯ ᠤᠨ ᠬᠢᠨᠠᠯᠳᠠ ᠳᠠᠯᠪᠢᠬᠤ ᠳᠤᠪᠴᠢᠶᠠᠨ ᠠᠴᠠ ᠰᠥᠨᠢᠳ ᠬᠤᠨᠢᠨ ᠤ ᠭᠠᠵᠠᠷ ᠤᠷᠤᠨ ᠤ ᠪᠠᠷᠢᠮᠵᠢᠶ᠎ᠠ ᠶᠢ ᠬᠢᠨᠠᠨ ᠳᠤᠭᠳᠠᠭᠠᠪᠠ᠃ ᠬᠡᠳᠤᠨ ᠵᠢᠯ ᠤᠨ ᠬᠠᠮᠳᠤ ᠶᠢᠨ ᠴᠢᠷᠮᠠᠶᠢᠯᠭ᠎ᠠ ᠪᠠᠷ᠂ ᠰᠥᠨᠢᠳ ᠬᠤᠨᠢᠨ ᠤ ᠰᠤᠩᠭᠤᠨ ᠪᠤᠶᠢᠵᠢᠭᠤᠯᠵᠤ ᠴᠡᠪᠡᠷᠰᠢᠬᠦᠯᠥᠨ ᠰᠤᠳᠤᠯᠬᠤ ᠠᠵᠢᠯ ᠶᠡᠭᠡ ᠰᠠᠶᠢᠨ ᠠᠮᠵᠢᠯᠳᠠ ᠤᠯᠵᠤ᠂ 1997 ᠤᠨ ᠤ 8 ᠰᠠᠷ᠎ᠠ ᠳᠤ ᠤᠷᠤᠨ ᠤ ᠬᠢᠨᠠᠨ ᠪᠠᠶᠢᠴᠠᠭᠠᠯᠳᠠ ᠶᠢ ᠠᠮᠵᠢᠯᠳᠠ ᠲᠠᠢ ᠥᠡᠭᠭᠡᠷᠭᠡᠭᠰᠡᠨ ᠪᠥᠬᠡᠳ ᠥᠪᠡᠷᠳᠡᠬᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠠᠴᠠ ᠳᠤᠰ ᠡᠬᠦᠯᠳᠡᠷ ᠢ ᠵᠢᠩᠬᠢᠨᠢ ᠪᠠᠷ ︽ᠰᠥᠨᠢᠳ ᠬᠤᠨᠢ︾ ︵ᠪᠠᠰᠠ ︽ᠭᠤᠪᠢ ᠶᠢᠨ ᠬᠤᠨᠢ︾ ᠭᠡᠳᠡᠭ︶ ᠭᠡᠮᠡᠨ ᠨᠡᠷᠡᠶᠢᠳᠪᠡ᠃ ᠳᠤᠰ ᠵᠢᠯ ᠳᠤᠨᠢ ᠥᠪᠡᠷᠳᠡᠬᠡᠨ ᠵᠠᠰᠠᠬᠤ ᠤᠷᠤᠨ ᠪᠠ ᠠᠶᠢᠮᠠᠭ ᠬᠤᠶᠠᠷ ᠳᠡᠰ ᠤᠨ ᠮᠠᠯ ᠠᠵᠤ ᠠᠬᠤᠢ ᠶᠢ ᠭᠤᠤᠯᠯᠠᠨ ᠬᠠᠮᠢᠶᠠᠷᠠᠬᠤ ᠰᠠᠯᠠᠭ᠎ᠠ ᠮᠥᠴᠢᠷ ᠤᠨ ᠬᠥᠴᠤᠳᠠᠢ ᠳᠠᠮᠵᠢᠯᠬᠡ ᠳᠤᠤᠷ᠎ᠡ᠂ ᠰᠥᠨᠢᠳ ᠬᠤᠨᠢᠨ ᠤ ᠤᠤᠯ ᠡᠬᠦᠯᠳᠡᠷ ᠤᠨ ᠥᠷ᠎ᠡ ᠶᠢᠨ ᠮᠠᠯ ᠤᠨ ᠳᠠᠯᠠᠪᠠᠢ ᠎ ᠶᠢ ᠪᠡᠯᠡᠳᠬᠡᠨ ᠪᠠᠶᠢᠭᠤᠯᠬᠤ ᠠᠵᠢᠯ ᠢ ᠡᠬᠢᠯᠡᠨ ᠬᠢᠵᠤ᠂ ᠬᠤᠶᠢᠰᠢᠳᠠ ᠶᠢᠨ ᠰᠥᠨᠢᠳ ᠬᠤᠨᠢᠨ ᠤ ᠡᠬᠦᠯᠳᠡᠷ ᠢ ᠴᠡᠪᠡᠷᠰᠢᠬᠦᠯᠥᠨ ᠰᠢᠯᠢᠳᠡᠭᠵᠢᠬᠦᠯᠬᠦ ᠳᠤ ᠤᠯᠠᠮ ᠰᠠᠶᠢᠨ ᠰᠠᠭᠤᠷᠢ ᠶᠢ ᠳᠠᠯᠪᠢᠵᠤ ᠥᠭᠭᠦᠪᠡ᠃ ᠡᠬᠦᠨ ᠤ ᠰᠠᠭᠤᠷᠢᠨ ᠳᠡᠬᠡᠷ᠎ᠡ᠂ ᠰᠥᠨᠢᠳ ᠵᠡᠬᠦᠨ ᠬᠤᠰᠢᠭᠤ ᠨᠢ ᠰᠥᠨᠢᠳ ᠬᠤᠨᠢᠨ ᠤ ᠤᠤᠯ ᠡᠬᠦᠰᠥᠯ ᠤᠨ ᠰᠠᠭᠤᠷᠢᠨ ᠭᠠᠵᠠᠷ ᠢ ᠬᠠᠮᠠᠭᠠᠯᠠᠬᠤ ᠶᠢᠨ ᠳᠤᠰᠠᠳᠠ᠂ 2003 ᠤᠨ ᠠᠴᠠ ᠡᠬᠢᠯᠡᠨ ᠰᠥᠨᠢᠳ ᠬᠤᠨᠢᠨ ᠮᠢᠬᠠᠨ ᠤ ᠤᠷᠤᠨ ᠨᠤᠳᠤᠭ ᠤᠨ ᠨᠡᠷᠡᠳᠥ ᠪᠥᠳᠥᠭᠡᠭᠳᠡᠬᠦᠨ ᠢ ᠬᠠᠮᠠᠭᠠᠯᠠᠬᠤ ᠶᠢ ᠡᠷᠡᠮᠡᠯᠵᠢᠯᠡᠬᠦ ᠠᠵᠢᠯ ᠢ ᠭᠠᠷᠳᠠᠨ ᠥᠷᠨᠢᠬᠦᠯᠵᠤ᠂ 2007 ᠤᠨ ᠳᠤ ᠠᠶᠢᠮᠠᠭ ᠤᠨ ᠨᠠᠮ ᠤᠨ ᠬᠤᠷᠢᠶ᠎ᠠ᠂ ᠵᠠᠬᠢᠷᠭ᠎ᠠ ᠪᠤᠯᠤᠨ ᠳᠡᠭᠡᠳᠥ ᠱᠠᠳᠤᠨ ᠤ ᠬᠢᠨᠠᠨ ᠰᠢᠯᠭᠠᠬᠤ ᠰᠠᠯᠠᠭ᠎ᠠ ᠮᠥᠴᠢᠷ ᠤᠨ ᠬᠥᠴᠥᠳᠡᠢ ᠳᠡᠮᠵᠢᠯᠬᠡ ᠪᠤᠯᠤᠨ ᠬᠠᠶᠢᠷ᠎ᠠ ᠬᠠᠯᠠᠮᠵᠢ ᠶᠢᠨ ᠳᠤᠤᠷ᠎ᠡ᠂ ᠤᠯᠤᠰ ᠤᠨ ᠶᠠᠰᠤ ᠴᠢᠨᠠᠷ ᠪᠠ ᠲᠧᠭᠨᠢᠭ ᠮᠡᠷᠬᠡᠵᠢᠯ ᠤᠨ ᠬᠢᠨᠠᠯᠳᠠ ᠳᠠᠯᠪᠢᠬᠤ ᠶᠡᠷᠦᠩᠬᠡᠢ ᠳᠤᠪᠴᠢᠶᠠᠨ ᠤ ᠵᠥᠪᠰᠢᠶᠠᠷᠡᠯ ᠢᠶᠠᠷ ᠰᠥᠨᠢᠳ ᠬᠤᠨᠢᠨ ᠮᠢᠬ᠎ᠠ ᠨᠢ ᠤᠷᠤᠨ ᠨᠤᠳᠤᠭ ᠤᠨ ᠨᠡᠷᠡᠳᠥ ᠳᠡᠮᠳᠡᠭ ᠢ ᠬᠠᠮᠠᠭᠠᠯᠠᠬᠤ ᠪᠥᠳᠥᠭᠡᠭᠳᠡᠬᠦᠨ ᠪᠤᠯᠤᠭᠰᠠᠨ ᠠᠴᠠ ᠳᠤᠮᠳᠠᠳᠤ ᠤᠯᠤᠰ ᠤᠨ ᠠᠳᠠᠯᠢ ᠳᠡᠰ ᠤᠨ ᠪᠥᠳᠥᠬᠡᠭᠳᠡᠬᠦᠨ ᠤ ᠳᠤᠳᠤᠷ᠎ᠠ ᠬᠠᠮᠤᠭ ᠳᠡᠷᠢᠬᠦᠨ ᠳᠤ ᠤᠷᠤᠨ ᠨᠤᠳᠤᠭ ᠤᠨ ᠨᠡᠷᠡᠳᠥ ᠳᠡᠮᠳᠡᠭ ᠢ ᠬᠠᠮᠠᠭᠠᠯᠠᠬᠤ ᠪᠥᠳᠥᠭᠡᠭᠳᠡᠬᠦᠨ ᠪᠤᠯᠪᠠ᠂ ᠡᠬᠦᠨ ᠢᠶᠠᠷ ᠰᠥᠨᠢᠳ ᠬᠤᠨᠢᠨ ᠤ ᠠᠯᠳᠠᠷ ᠢ ᠤᠯᠠᠮ ᠢᠯᠡᠬᠦᠥ ᠳᠡᠬᠡᠰᠢᠯᠡᠬᠦᠯᠪᠡ᠃             ᠭᠠᠳᠠᠷ ᠪᠠᠶᠢᠳᠠᠯ ᠠᠴᠠ ᠨᠢ ᠥᠵᠡᠪᠡᠯ᠄        — ᠰᠦᠨᠢᠳ ᠬᠤᠨᠢ ᠪᠤᠯ ᠬᠦᠢᠳᠡᠨ ᠳᠤ ᠦᠯᠴᠢᠷ᠂ ᠭᠠᠩ ᠬᠠᠭᠤᠷᠠᠢ ᠳᠤ ᠳᠠᠭᠠᠭᠠᠴᠠᠲᠠᠢ᠂ ᠪᠦᠳᠦᠬᠦᠯᠢᠭ ᠮᠠᠯᠵᠢᠯᠭ᠎ᠠ ᠳᠤ ᠳᠣᠬᠢᠷᠠᠳᠠᠭ᠂ ᠭᠠᠮᠰᠢᠭ ᠢ ᠡᠰᠡᠷᠬᠦᠴᠡᠬᠦ ᠴᠢᠳᠠᠪᠤᠷᠢ ᠨᠢ ᠰᠠᠶᠢᠨ᠂ ᠤᠳᠤᠮᠰᠢᠯ ᠨᠢ ᠳᠤᠭᠳᠠᠪᠤᠷᠢᠳᠠᠢ᠂ ᠪᠤᠶᠢᠵᠢᠯᠳᠠ ᠨᠢ ᠬᠤᠷᠳᠤᠨ᠂ ᠤᠨᠳᠤᠷᠬᠤ ᠨᠤᠷᠮ᠎ᠠ ᠨᠢ ᠥᠨᠳᠤᠷ᠂ ᠳᠤᠰ ᠭᠠᠵᠠᠷ ᠶᠢᠨ ᠢᠶᠠᠨ ᠭᠠᠨᠭ᠌ ᠬᠠᠭᠤᠷᠠᠢ ᠳᠡᠰᠬᠢᠮ᠎ᠡ ᠬᠥᠢᠳᠡᠨ ᠠᠭᠤᠷ ᠠᠮᠢᠰᠬᠠᠯ ᠤᠨ ᠨᠥᠬᠦᠴᠡᠯ ᠳᠡᠭᠡᠨ ᠳᠤᠶᠢᠯ ᠤᠨ ᠶᠡᠭᠡ ᠪᠠᠷ ᠳᠤᠬᠢᠷᠠᠭᠰᠠᠨ ᠪᠥᠬᠡᠳ ᠭᠠᠶᠢᠬᠠᠰᠢ ᠠᠯᠳᠠᠮ᠎ᠠ ᠠᠮᠢᠵᠢᠷᠠᠯ ᠤᠨ ᠬᠥᠴᠥᠨ ᠲᠠᠢ︔ ᠪᠡᠶ᠎ᠡ ᠪᠢᠯᠳᠠᠷ ᠢᠶᠠᠷ ᠲᠤᠮᠤ᠂ ᠪᠡᠶ᠎ᠡ ᠴᠤᠭᠴᠠᠰ ᠢᠶᠠᠷ ᠪᠠᠬᠢᠯᠢᠭ᠌᠂ ᠪᠦᠲᠦᠴᠡ ᠪᠠᠷ ᠵᠢᠭᠳᠡ᠂ ᠮᠢᠬᠠᠨ ᠤ ᠭᠠᠷᠤᠯᠳᠠ ᠨᠢ ᠰᠠᠶᠢᠨ᠂ ᠭᠤᠶᠠᠨ ᠤ ᠪᠤᠯᠴᠢᠩ ᠨᠢ ᠲᠦᠬᠦᠷᠡᠩ ᠬᠦᠯᠢᠬᠡᠷ ᠵᠢᠵᠢᠭ ᠬᠡᠪᠰᠢᠯ ᠤᠨ ᠦᠭᠡᠭᠦᠨ ᠰᠡᠭᠦᠯ ᠪᠦᠬᠦᠢ ᠮᠢᠬᠠᠨ ᠴᠢᠨᠠᠷ ᠢᠶᠠᠷ ᠰᠢᠯᠢᠳᠡᠭ ᠬᠤᠨᠢᠨ ᠤ ᠡᠭᠦᠯᠳᠡᠷ ᠪᠤᠯᠤᠨ᠎ᠠ᠂ ᠮᠤᠩᠭᠤᠯ ᠬᠤᠨᠢᠨ ᠤ ᠰᠢᠰᠲ᠋ᠧᠮ ᠳᠤᠳᠤᠷᠠᠬᠢ ︽ᠭᠤᠶᠤ ᠡᠩᠡ︾᠎ ᠳᠤ ᠳᠤᠭᠤᠴᠠᠭᠳᠠᠨ᠎ᠠ︔ ᠬᠤᠴᠠ ᠪᠠ ᠡᠮ᠎ᠡ ᠬᠤᠨᠢ ᠨᠢ ᠴᠥᠮ ᠲᠤᠶᠢᠮᠤᠭ᠂ ᠳᠤᠯᠤᠭᠠᠢ ᠶᠢᠨ ᠶᠡᠭᠡ ᠪᠠᠭ᠎ᠠ ᠎ ᠨᠢ ᠳᠤᠬᠢᠷᠠᠮᠵᠢᠳᠠᠢ᠂ ᠬᠠᠮᠠᠷ ᠨᠢ ᠮᠦᠭᠡᠷᠣᠣ᠂ ᠴᠢᠬᠢ ᠨᠢ ᠲᠤᠮᠤ ᠪᠦᠬᠡᠳ ᠤᠨᠵᠢᠭᠢᠷ᠂ ᠬᠦᠵᠦᠭᠦᠦ ᠨᠢ ᠪᠤᠭᠲᠤᠭᠤᠷ ᠪᠦᠲᠦᠬᠦᠨ ᠶᠣᠮ᠂ ᠵᠤ ᠨᠢᠷᠤᠭᠤ ᠨᠢ ᠲᠡᠭᠰᠢ ᠰᠢᠯᠤᠭᠤᠨ᠂ ᠪᠡᠶ᠎ᠡ ᠪᠢᠯᠳᠠᠷ ᠨᠢ ᠦᠷᠭᠡᠨ ᠤᠷᠲᠤᠯᠢᠭ ᠪᠤᠯᠬᠤᠷ ᠤᠷᠲᠤ ᠲᠦᠷᠪᠡᠯᠵᠢᠨ ᠬᠡᠪᠰᠢᠯ ᠲᠠᠢ᠂ ᠰᠡᠬᠦᠯ ᠨᠢ ᠵᠢᠵᠢᠭ ᠪᠦᠬᠡᠳ ᠪᠤᠰᠤᠭ᠎ᠠ ᠵᠣᠣᠪᠠᠩ ᠭᠡᠯᠪᠡᠷᠢᠲᠠᠢ᠂ ᠲᠤᠮᠲᠠᠭᠤᠷ ᠢᠶᠠᠨ ᠭᠤᠯᠲᠤ ᠬᠤᠪᠢᠯ ᠦᠭᠡᠢ᠂ ᠤᠷᠤᠭ ᠰᠡᠭᠦᠯ ᠨᠢ ᠨᠠᠷᠢᠨ ᠮᠦᠷᠲᠡᠭᠡᠨ ᠲᠠᠯ᠎ᠠ ᠤᠷᠤᠭᠤ ᠪᠠᠨ ᠮᠤᠰᠢᠭᠠᠢ ᠶᠤᠮ᠃ ᠦᠰᠦ ᠨᠢ ᠢᠵᠢᠯ ᠪᠤᠰᠤ ᠴᠢᠨᠠᠷᠲᠤ ᠨᠤᠤᠰᠤ ᠪᠠᠶᠢᠵᠤ᠂ ᠵᠢᠰᠤᠮ ᠨᠢ ᠴᠣᠯᠣ ᠴᠠᠭᠠᠨ᠂ ᠲᠤᠯᠤᠭᠠᠢ ᠬᠦᠵᠦᠬᠦᠨ ᠤ ᠬᠡᠰᠡᠭ᠂ ᠬᠠᠩᠭᠢᠷᠴᠠᠭ ᠤᠨ ᠦᠶ᠎ᠡ ᠪᠤᠯᠤᠨ ᠪᠤᠷᠪᠢ ᠶᠢᠨ ᠦᠶ᠎ᠡ ᠠᠴᠠ ᠳᠣᠷᠣᠭᠰᠢᠬᠢ ᠬᠡᠰᠡᠭ᠂ ᠬᠦᠢᠰᠦᠨ ᠤ ᠬᠢᠨᠢ ᠡᠷᠭᠢᠨ ᠲᠤᠭᠤᠷᠢᠨ ᠳᠤᠨᠢ ᠤᠨᠲᠣᠣ ᠦᠩᠭᠡ ᠶᠢᠨ ᠦᠰᠤ ᠲᠠᠢ ᠪᠠᠶᠢᠲᠠᠭ᠂ ᠲᠤᠯᠤᠭᠠᠢ ᠶᠢᠨ ᠬᠡᠰᠡᠭ ᠨᠢ ᠬᠠᠷ᠎ᠠ ᠪᠠ ᠰᠢᠷ᠎ᠠ ᠦᠩᠭᠡ ᠶᠢᠨ ᠦᠰᠤ ᠪᠠᠷ ᠭᠤᠤᠯᠯᠠᠳᠠᠭ                ᠥᠢᠯᠡᠳᠪᠥᠷᠢᠯᠡᠯ ᠤᠨ ᠰᠢᠨᠵᠢ ᠴᠢᠨᠠᠷ ᠠᠴᠠ ᠨᠢ ᠥᠵᠡᠪᠡᠯ᠄        — ᠰᠥᠨᠢᠳ ᠬᠤᠨᠢ ᠶᠢᠨ ᠥᠰᠴᠥ ᠪᠥᠢᠵᠢᠬᠤ ᠨᠢ ᠬᠤᠷᠳᠤᠨ᠂ ᠮᠢᠬᠠᠨ ᠤ ᠭᠠᠷᠤᠯᠳᠠ ᠨᠢ ᠰᠠᠶᠢᠨ᠃ ᠨᠠᠰᠤ ᠬᠥᠢᠴᠡᠭᠰᠡᠨ ᠢᠷᠬᠡ ᠶᠢᠨ ᠪᠡᠶ᠎ᠡ ᠶᠢᠨ ᠬᠥᠨᠳᠤ ᠨᠢ 80 ᠺᠢᠯᠣᠭ᠍ᠷᠠᠮ ᠬᠥᠷᠴᠥ᠂ ᠨᠠᠰᠤ ᠬᠥᠢᠴᠡᠭᠰᠡᠨ ᠡᠮ᠎ᠡ ᠬᠤᠨᠢ ᠶᠢᠨ ᠪᠠᠶ᠎ᠡ ᠎ ᠶᠢᠨ ᠬᠥᠨᠳᠥ ᠨᠢ 60 ᠺᠯᠤᠭ᠍ᠷᠠᠮ ᠬᠥᠷᠳᠡᠭ᠃ ᠵᠢᠷᠭᠤᠭᠠᠨ ᠰᠠᠷᠠᠳᠠᠢ ᠬᠤᠷᠠᠭᠠᠨ ᠬᠤᠴᠠ ᠶᠢᠨ ᠪᠡᠶ᠎ᠡ ᠶᠢᠨ ᠬᠥᠨᠳᠤ ᠨᠢ ᠨᠠᠰᠤ ᠬᠥᠢᠴᠡᠭᠰᠡᠨ ᠬᠤᠨᠢᠨ ᠤ ᠪᠡᠶ᠎ᠡ ᠶᠢᠨ ᠬᠥᠨᠳᠤ ᠶᠢᠨ 50%᠎ ᠶᠢ ᠡᠵᠡᠯᠡᠳᠡᠭ᠂ ᠡᠮ᠎ᠡ ᠬᠤᠷᠠᠭᠠᠨ ᠤ ᠪᠡᠶ᠎ᠡ ᠶᠢᠨ ᠬᠥᠨᠳᠤ ᠨᠢ ᠨᠠᠰᠤ ᠬᠥᠢᠴᠡᠭᠰᠡᠨ ᠡᠮ᠎ᠡ ᠬᠤᠨᠢ ᠶᠢᠨ ᠪᠠᠶ᠎ᠡ ᠶᠢᠨ ᠬᠥᠨᠳᠥ ᠶᠢᠨ 63.23%᠎ ᠶᠢ ᠡᠵᠡᠯᠡᠳᠡᠭ᠂ ᠠᠷᠪᠠᠨ ᠨᠠᠢᠮᠠᠨ ᠰᠠᠷ᠎ᠠ ᠲᠠᠢ ᠬᠤᠴᠠ ᠶᠢᠨ ᠪᠡᠶ᠎ᠡ ᠶᠢᠨ ᠬᠥᠨᠳᠤ ᠨᠢ ᠨᠠᠰᠤ ᠬᠥᠢᠴᠡᠭᠰᠡᠨ ᠬᠤᠨᠢᠨ ᠤ ᠪᠡᠶ᠎ᠡ ᠶᠢᠨ ᠬᠥᠨᠳᠤ ᠶᠢᠨ 88.8%᠎ ᠶᠢ ᠡᠵᠢᠯᠡᠳᠡᠭ᠂ ᠡᠮ᠎ᠡ ᠬᠤᠨᠢ ᠶᠢᠨ ᠪᠠᠶ᠎ᠡ ᠶᠢᠨ ᠬᠥᠨᠳᠥ ᠨᠢ ᠨᠠᠰᠤ ᠬᠥᠢᠴᠡᠭᠰᠡᠨ ᠡᠮ᠎ᠡ ᠬᠤᠨᠢ ᠶᠢᠨ ᠪᠠᠶ᠎ᠡ ᠶᠢᠨ ᠬᠥᠨᠳᠥ ᠶᠢᠨ 88.9%᠎ ᠶᠢ ᠡᠵᠡᠯᠡᠳᠡᠭ᠂ ᠬᠤᠷᠠᠭᠠᠯᠠᠭᠠᠳ ᠳᠥᠷᠪᠡᠨ ᠰᠠᠷ᠎ᠠ ᠪᠤᠯᠵᠤ ᠪᠠᠶᠢᠭ᠎ᠠ ᠬᠤᠷᠠᠭ᠎ᠠ ᠶᠢᠨ ᠪᠡᠶ᠎ᠡ ᠶᠢᠨ ᠬᠥᠨᠳᠤ ᠨᠢ ᠳᠤᠮᠳᠠᠴᠢ ᠪᠠᠷ ᠡᠳᠥᠷ ᠪᠥᠷᠢ ᠬᠤᠷᠠᠭᠠᠨ ᠬᠤᠴᠠ 172 ᠭᠷᠠᠮ ᠨᠡᠮᠡᠭᠳᠡᠵᠤ᠂ ᠡᠮ᠎ᠡ ᠬᠤᠷᠠᠭ᠎ᠠ 167 ᠭᠷᠠᠮ ᠨᠡᠮᠡᠭᠳᠡᠳᠡᠭ᠃ ᠨᠢᠲᠦᠯᠦᠯᠲᠡ ᠎ ᠶᠢᠨ ᠨᠤᠷᠮ᠎ᠠ ᠨᠢ᠂ ᠨᠠᠰᠤ ᠬᠦᠢᠴᠡᠭᠰᠡᠨ ᠢᠷᠬᠡ ᠶᠢᠨ ᠬᠢ 55%᠎ ᠠᠴᠠ ᠲᠡᠭᠡᠭᠰᠢ᠂ 1.5 ᠤᠢ ᠨᠠᠰᠤᠲᠠᠢ ᠢᠷᠬᠡ ᠶᠢᠨ ᠬᠢ 40%᠎ ᠠᠴᠠ ᠳᠡᠭᠡᠭᠰᠢ︔ ᠱᠤᠯᠣᠲᠠᠰᠤ ᠮᠢᠬᠠᠨ ᠤ ᠨᠣᠷᠮ᠎ᠠ ᠨᠢ᠂ ᠨᠠᠰᠣ ᠬᠦᠢᠴᠡᠭᠰᠡᠨ ᠢᠷᠬᠡ ᠶᠢᠨ ᠬᠢ 45%᠎ ᠠᠴᠠ ᠲᠡᠭᠡᠭᠰᠢ᠂ 1.5 ᠤᠢ ᠨᠠᠰᠤᠲᠠᠢ ᠡᠮ᠎ᠡ ᠬᠤᠨᠢᠨ ᠤ ᠬᠢ 40%᠎ ᠠᠴᠠ ᠳᠡᠭᠡᠭᠰᠢ ᠪᠠᠶᠢᠨ᠎ᠠ᠃                ᠰᠥᠨᠢᠳ ᠬᠤᠨᠢᠨ ᠮᠢᠬᠠᠨ ᠳᠤ ᠠᠭᠤᠯᠤᠭᠳᠠᠬᠤ                ᠰᠢᠮ᠎ᠡ ᠳᠡᠵᠢᠬᠡᠯ ᠤᠨ ᠳᠠᠯ᠎ᠠ ᠠᠴᠠ ᠥᠵᠡᠪᠡᠯ᠄        — ᠰᠥᠨᠢᠳ ᠬᠤᠨᠢᠨ ᠮᠢᠬ᠎ᠠ ᠨᠢ ᠡᠷᠳᠡᠨ ᠠᠴᠠ ᠪᠠᠨ ᠠᠪᠤᠭᠠᠳ ᠳᠤᠳᠤᠭᠠᠳᠤ ᠭᠠᠳᠠᠭᠠᠳᠤ ᠶᠢᠨ ᠬᠥᠮᠥᠰ ᠤᠨ ᠮᠠᠭᠳᠠᠭᠠᠯ ᠰᠠᠶᠢᠰᠢᠶᠠᠯ ᠢ ᠤᠯᠤᠭᠰᠠᠭᠠᠷ ᠢᠷᠡᠭᠰᠡᠨ ᠨᠢ ᠳᠡᠬᠦᠨ ᠤ ᠰᠢᠮ᠎ᠡ ᠳᠡᠵᠢᠬᠡᠯ ᠤᠨ ᠠᠭᠤᠯᠤᠭᠳᠠᠴᠠ ᠲᠠᠢ ᠨᠢᠭᠳᠠ ᠬᠠᠷᠢᠴᠠᠭ᠎ᠠ ᠲᠠᠢ ᠪᠠᠶᠢᠳᠠᠭ᠃ ᠰᠥᠨᠢᠳ ᠬᠤᠨᠢ ᠨᠢ ᠶᠠᠮᠠᠷ ᠴᠤ ᠪᠤᠬᠢᠷᠳᠠᠯ ᠥᠬᠡᠢ ᠪᠠᠶᠢᠭᠠᠯᠢᠭ ᠳᠠᠯ᠎ᠠ ᠨᠤᠳᠤᠭ ᠳᠡᠬᠡᠷ᠎ᠠ ᠤᠷᠤᠰᠢᠨ ᠠᠮᠢᠳᠤᠷᠠᠵᠤ᠂ ᠬᠥᠷᠥᠯᠴᠡᠬᠦᠶᠢᠴᠡ ᠨᠠᠷᠠᠨ ᠤᠬᠢᠶᠠᠯ ᠪᠠ ᠴᠡᠪᠡᠷ ᠤᠰᠤᠨ ᠡᠬᠢ ᠰᠤᠷᠪᠤᠯᠵᠢ ᠶᠢ ᠬᠥᠷᠳᠡᠵᠤ᠂ ᠬᠥᠮᠡᠯᠢ᠂ ᠳᠠᠭᠠᠨ᠎ᠠ᠂ ᠬᠢᠯᠠᠭᠠᠨ᠎ᠠ ᠵᠡᠷᠬᠡ ᠪᠠᠷ ᠭᠤᠤᠯ ᠪᠤᠯᠭᠠᠭᠰᠠᠨ 400 ᠭᠠᠷᠤᠢ ᠳᠥᠷᠥᠯ ᠤᠨ ᠪᠠᠶᠢᠭᠠᠯᠢᠭ ᠪᠡᠯᠴᠢᠬᠡᠷ ᠡᠪᠡᠰᠤ ᠲᠠᠢ ᠪᠡᠯᠴᠢᠬᠡᠷ ᠳᠡᠬᠡᠷ᠎ᠠ ᠢᠳᠡᠰᠢᠯᠡᠭᠰᠡᠨ ᠠᠴᠠ ᠰᠦᠨᠢᠳ ᠬᠤᠨᠢᠨ ᠮᠢᠬ᠎ᠠ ᠨᠢ ᠵᠦᠭᠡᠯᠡᠨ ᠰᠤᠷᠭᠤᠭ᠂ ᠳᠠᠷᠭᠤᠨ ᠪᠥᠬᠡᠳ ᠱᠠᠩᠳᠠᠭᠤᠨ ᠦᠭᠡᠢ ᠪᠠᠶᠢᠳᠠᠭ᠃       ᠰᠦᠨᠢᠳ ᠬᠤᠨᠢᠨ ᠮᠢᠬ᠎ᠠ ᠨᠢ ᠰᠢᠬᠦᠰᠦᠯᠢᠭ ᠮᠦᠷᠳᠡᠭᠡᠨ ᠰᠢᠩᠬᠢᠭ ᠥᠨᠥᠷ ᠥᠬᠡᠢ᠂ ᠦᠭᠡᠬᠦ ᠪᠠ ᠬᠠᠷ᠎ᠠ ᠮᠢᠬ᠎ᠠ ᠨᠢ ᠲᠡᠩᠴᠡᠬᠦᠷᠢᠳᠠᠢ᠂ ᠤᠭᠤᠷᠠᠭ ᠤᠨ ᠠᠭᠤᠯᠤᠭᠳᠠᠴᠨ ᠦᠨᠳᠤᠷ᠂ ᠦᠭᠡᠭᠦᠨ ᠤ ᠠᠭᠤᠯᠤᠭᠳᠠᠴᠨ ᠲᠤᠤᠷ᠎ᠡ᠂ ᠬᠦᠮᠦᠨ ᠤ ᠪᠡᠶ᠎ᠡ ᠎ ᠳᠤ ᠬᠡᠷᠡᠭᠰᠡᠬᠦ ᠭᠤᠤᠯ ᠬᠡᠳᠤᠨ ᠵᠦᠢᠯ ᠤᠨ ᠠᠮᠢᠨᠤ᠋ ᠬᠦᠴᠢᠯ ᠤᠨ ᠠᠭᠤᠯᠤᠭᠳᠠᠴᠨ ᠨᠢ ᠡᠯᠪᠡᠭ ᠪᠠᠶᠢᠳᠠᠭ ᠪᠥᠬᠡᠳ ᠬᠢᠯᠪᠠᠷ ᠰᠢᠩᠭᠡᠭᠳᠡᠬᠦ ᠵᠡᠷᠬᠡ ᠤᠯᠠᠨ ᠳᠠᠪᠠᠭᠤᠯᠢᠭ ᠳᠠᠯ᠎ᠠ ᠲᠠᠢ ᠪᠠᠶᠢᠳᠠᠭ ᠠᠴᠠ ᠬᠠᠯᠠᠭᠤᠨ ᠳᠤᠭᠤᠭ᠎ᠠ ᠢᠳᠡᠬᠦ ᠳᠤ ᠤᠨᠴᠠ ᠳᠤᠬᠢᠷᠠᠮᠵᠢᠳᠠᠢ ᠮᠢᠬᠠᠨ ᠤ ᠳᠥᠷᠥᠯ ᠪᠤᠯᠤᠨ᠎ᠠ᠂  ︽ᠮᠢᠬᠠᠨ ᠤ ᠳᠤᠳᠤᠷᠠᠬᠢ ᠤᠷᠬᠤᠳᠠᠢ  ︾ ᠬᠡᠮᠡᠬᠦ ᠰᠠᠶᠢᠬᠠᠨ ᠨᠡᠷᠡᠶᠢᠳᠡᠯ ᠎ ᠲᠠᠢ᠃ ᠰᠢᠨᠵᠢᠯᠡᠬᠦ ᠤᠬᠠᠭᠠᠨᠴᠢ ᠳᠤᠷᠰᠢᠯᠳᠠ ᠪᠠᠷ ᠮᠢᠬᠠᠨ ᠤ ᠴᠢᠨᠠᠷ ᠤᠨ ᠲᠠᠯ᠎ᠠ ᠪᠠᠷ ᠨᠠᠷᠢᠨ ᠳᠤᠳᠤᠷᠬᠠᠢ ᠵᠠᠳᠠᠯᠤᠯᠳᠠ ᠬᠢᠭᠰᠡᠨ ᠎ ᠠᠴᠠ ᠥᠵᠡᠪᠡᠯ᠂ ᠰᠦᠨᠢᠳ ᠬᠤᠨᠢᠨ ᠮᠢᠬᠠᠨ ᠤ ᠬᠦᠮᠦᠨ ᠤ ᠪᠡᠶ᠎ᠡ ᠳᠤ ᠬᠡᠷᠡᠭᠰᠡᠬᠦ ᠭᠤᠤᠯ ᠬᠡᠳᠤᠨ ᠵᠦᠢᠯ ᠤᠨ ᠠᠮᠢᠨᠤ᠋ ᠬᠦᠴᠢᠯ ᠤᠨ ᠠᠭᠤᠯᠤᠭᠳᠠᠴᠨ ᠨᠢ ᠪᠦᠷ ᠪᠤᠰᠤᠳ ᠲᠦᠷᠦᠯ ᠤᠨ ᠬᠤᠨᠢᠨ ᠠᠴᠠ ᠦᠨᠳᠤᠷ ᠪᠠᠶᠢᠳᠠᠭ᠃ ᠪᠦᠳᠦᠬᠦᠯᠢᠭ ᠤᠭᠤᠷᠠᠭ ᠤᠨ ᠠᠭᠤᠯᠤᠭᠳᠠᠴᠨ ᠦᠨᠳᠤᠷ᠂ ᠳᠤᠮᠳᠠᠴᠢ ᠪᠠᠷ 19.59 %᠎ ᠶᠢ ᠡᠵᠡᠯᠡᠳᠡᠭ ᠤᠴᠢᠷ ᠠᠴᠠ ᠬᠠᠷ᠎ᠠ ᠮᠢᠬᠠᠨ ᠤ ᠠᠭᠤᠯᠤᠭᠳᠠᠴᠨ ᠦᠨᠳᠤᠷ︔ ᠪᠦᠳᠦᠬᠦᠯᠢᠭ ᠥᠭᠡᠬᠦ ᠶᠢᠨ ᠠᠭᠤᠯᠤᠭᠳᠠᠴᠠ ᠳᠤᠤᠷ᠎ᠠ᠂ ᠳᠤᠮᠳᠠᠴᠢ ᠪᠠᠷ 3.14%᠎ ᠶᠢ ᠡᠵᠡᠯᠡᠳᠡᠭ ᠤᠴᠢᠷ ᠠᠴᠠ ᠰᠢᠬᠦᠰᠦᠯᠢᠭ ᠮᠦᠷᠳᠡᠭᠡᠨ ᠵᠦᠭᠡᠯᠡᠨ ᠰᠤᠷᠭᠤᠭ᠂ ᠱᠠᠩᠳᠠᠭᠤᠨ ᠦᠭᠡᠢ ᠪᠥᠬᠡᠳ ᠬᠢᠯᠪᠠᠷ ᠰᠢᠩᠭᠡᠭᠳᠡᠳᠡᠭ︔ ᠡᠬᠦᠨ ᠠᠴᠠ ᠭᠠᠳᠠᠨ᠎ᠠ ᠰᠦᠨᠢᠳ ᠬᠤᠨᠢᠨ ᠤ ᠮᠢᠬᠠᠨ ᠳᠤ ᠤᠯᠠᠨ ᠵᠦᠢᠯ ᠤᠨ ᠡᠷᠦᠳᠡᠰᠤ ᠪᠤᠳᠠᠰ ᠪᠠ ᠸᠢᠲ᠋ᠠᠮᠢᠨ ᠠᠭᠤᠯᠤᠭᠳᠠᠵᠤ ᠪᠠᠶᠢᠳᠠᠭ᠃ ᠡᠬᠦᠨ ᠲᠤ᠄ ᠡᠯᠢᠭᠡᠨ ᠳᠠᠬᠢ ᠪᠤᠰᠪᠤᠷ ᠶᠢᠨ ᠠᠭᠤᠯᠤᠭᠳᠠᠴᠨ ᠬᠠᠮᠤᠭ ᠦᠨᠳᠤᠷ᠂ ᠵᠢᠷᠥᠬᠡᠨ ᠳᠠᠬᠢ ᠺᠠᠯᠢ ᠶᠢᠨ ᠠᠭᠤᠯᠤᠭᠳᠠᠴᠨ ᠬᠠᠮᠤᠭ ᠦᠨᠳᠤᠷ᠂ ᠠᠭᠤᠰᠬᠢᠨ ᠳᠠᠬᠢ ᠨᠠᠲᠷᠢ ᠶᠢᠨ ᠠᠭᠤᠯᠤᠭᠳᠠᠴᠨ ᠬᠠᠮᠤᠭ ᠦᠨᠳᠤᠷ᠂ ᠪᠥᠬᠡᠷᠡᠨ ᠳᠠᠬᠢ ᠺᠠᠯᠴᠢ᠂ ᠨᠠᠲᠷᠢ᠂ ᠾᠯᠤᠷ ᠤᠨ ᠠᠭᠤᠯᠤᠭᠳᠠᠴᠨ ᠬᠠᠮᠤᠭ ᠦᠨᠳᠤᠷ᠂ ᠪᠤᠯᠴᠢᠩ ᠮᠢᠬᠠᠨ ᠳᠠᠬᠢ ᠺᠠᠯᠢ ᠪᠠ ᠮᠠᠭᠨᠢ ᠶᠢᠨ ᠠᠭᠤᠯᠤᠭᠳᠠᠴᠨ ᠬᠠᠮᠤᠭ ᠦᠨᠳᠤᠷ ᠪᠠᠶᠢᠳᠠᠭ᠃              ᠳᠡᠥᠬᠡᠨ ᠳᠡᠬᠡᠷ᠎ᠡ ᠠᠴᠠ ᠥᠵᠡᠪᠡᠯ᠄         — ᠰᠥᠨᠢᠳ ᠬᠤᠨᠢ ᠨᠢ ᠡᠷᠳᠡᠨ ᠠᠴᠠ ᠪᠠᠨ ᠠᠪᠤᠭᠠᠳ ︽ᠤᠷᠳᠤᠨ ᠤ ᠡᠷᠬᠦᠴᠡ  ︾ ᠬᠡᠮᠡᠨ ᠳᠤᠳᠤᠭᠠᠳᠤ ᠭᠠᠳᠠᠭᠠᠳᠤ ᠳᠠᠭᠠᠨ ᠠᠯᠳᠠᠷᠰᠢᠪᠠ᠃ ᠰᠥᠨᠢᠳ ᠬᠤᠨᠢ ᠳᠡᠤᠬᠡᠨ ᠳᠡᠮᠳᠡᠭᠯᠡᠯ ᠳᠤ ᠤᠷᠤᠭᠰᠠᠨ ᠨᠢ᠂ ᠮᠠᠨᠵᠤ ᠴᠢᠩ ᠪᠤᠭᠤᠮᠳᠠ ᠎ ᠳᠤ ᠤᠷᠤᠵᠤ᠂ ᠪᠡᠬᠡᠵᠢᠩ ᠢ ᠨᠡᠶᠢᠰᠯᠡᠯ ᠪᠤᠯᠭᠠᠭᠰᠠᠨ ᠤ ᠳᠠᠷᠠᠭ᠎ᠠ᠂ ᠬᠠᠭᠠᠨ ᠨᠢ ᠬᠤᠪᠤᠷ ᠴᠤᠬᠠᠭ ᠠᠮᠳᠠᠳᠤ ᠢᠳᠡᠬᠡᠨ ᠢ ᠴᠥᠮ ᠢᠳᠡᠵᠤ ᠬᠠᠰᠢᠷᠠᠭᠰᠠᠨ ᠥᠶ᠎ᠠ ᠳᠤ᠂ ᠰᠥᠨᠢᠳ ᠬᠤᠨᠢᠨ ᠮᠢᠬ᠎ᠠ ᠶᠢ ᠡᠷᠬᠦᠨ ᠳᠡᠪᠰᠢᠬᠦᠯᠥᠭᠰᠡᠨ ᠳᠤ ᠬᠠᠭᠠᠨ ᠨᠢ ᠢᠳᠡᠭᠰᠡᠨ ᠤ ᠳᠠᠷᠠᠭ᠎ᠠ ᠳᠤᠶᠢᠯ ᠤᠨ ᠶᠡᠭᠡ ᠪᠠᠷ ᠪᠠᠶᠠᠷᠯᠠᠵᠤ᠂ ᠰᠥᠨᠢᠳ ᠬᠤᠨᠢ ᠶᠢ ᠶᠡᠭᠡ ᠴᠢᠩ ᠬᠠᠭᠠᠨᠳᠤ ᠤᠯᠤᠰ ᠤᠨ ᠵᠢᠯ ᠪᠤᠯᠭᠠᠨ ᠵᠠᠪᠠᠯ ᠡᠷᠬᠦᠬᠦ ︽ᠤᠷᠳᠤᠨ ᠤ ᠡᠷᠬᠦᠴᠡ︾ ᠬᠡᠮᠡᠨ ᠳᠤᠭᠳᠠᠭᠠᠭᠰᠠᠨ ᠠᠴᠠ ᠡᠬᠢᠯᠡᠵᠢ᠃         — ᠰᠡᠬᠦᠯᠡᠷ ᠨᠢ ᠪᠡᠬᠡᠵᠢᠩ ᠶᠢᠨ ᠳ᠋ᠥᠩ ᠯᠠᠢ ᠱᠥᠨ ᠢ ᠡᠬᠦᠰᠬᠡᠨ ᠪᠠᠶᠢᠭᠤᠯᠤᠭᠴᠢ ᠨᠢ ᠡᠬᠦᠨ ᠢ ᠮᠡᠳᠡᠭᠰᠡᠨ ᠤ ᠳᠠᠷᠠᠭ᠎ᠠ᠂ ᠳᠤᠰᠬᠠᠶᠢᠯᠠᠨ ᠢᠷᠡᠵᠤ ᠰᠥᠨᠢᠳ ᠬᠤᠨᠢᠨ ᠮᠢᠬ᠎ᠠ ᠶᠢ ᠬᠤᠳᠠᠯᠳᠤᠨ ᠠᠪᠤᠭᠠᠳ᠂ ᠪᠡᠬᠡᠵᠢᠩ ᠬᠤᠳᠠ ᠳᠤ ᠬᠠᠯᠠᠭᠤᠨ ᠳᠤᠭᠤᠭᠠᠨ ᠤ ᠬᠤᠭᠤᠯᠠᠨ ᠬᠡᠷ ᠭᠠᠷᠭᠠᠭᠰᠠᠨ ᠲᠤ᠂ ᠨᠢᠬᠡ ᠯᠡ ᠰᠥᠨᠢ ᠶᠢᠨ ᠬᠤᠭᠤᠷᠤᠨᠳᠤ ᠨᠡᠶᠢᠰᠯᠡᠯ ᠬᠤᠳᠠ ᠳᠤ ᠬᠥᠭᠵᠢᠨ ᠠᠯᠳᠠᠷᠰᠢᠪᠠ᠃ ᠡᠬᠦᠨ ᠤ ᠳᠠᠷᠠᠭ᠎ᠠ ᠪᠠᠷ ᠳᠡᠯᠡᠬᠡᠢ ᠳᠤ ᠠᠯᠳᠠᠷᠳᠠᠢ ᠵᠠᠷᠢᠮ ᠵᠤᠴᠢᠳ ᠤᠨ ᠪᠠᠭᠤᠳᠠᠯ ᠤᠳ ᠴᠤ ᠰᠥᠨᠢᠳ ᠬᠤᠨᠢᠨ ᠮᠢᠬ᠎ᠠ ᠶᠢ ᠬᠡᠷᠡᠭᠯᠡᠬᠦ ᠪᠤᠯᠵᠤ᠂ ᠥᠨᠥ ᠪᠤᠯᠳᠠᠯ᠎ᠠ ᠴᠤ ᠬᠡᠰᠡᠨ ᠰᠥᠨᠢᠳ ᠬᠤᠨᠢᠨ ᠮᠢᠬ᠎ᠠ ᠨᠢ ᠳᠤᠮᠳᠠᠳᠤ ᠶᠢᠨ ᠠᠮᠳᠠᠳᠤ ᠢᠳᠡᠬᠡᠨ ᠬᠡᠮᠡᠨ ᠮᠠᠭᠳᠠᠭᠳᠠᠭᠰᠠᠭᠠᠷ ᠪᠠᠶᠢᠨ᠎ᠠ᠃       — ᠳᠤᠮᠳᠠᠳᠤ ᠶᠢᠨ ᠡᠷᠳᠡᠨ ᠤ ᠠᠭᠤᠤ ᠶᠡᠭᠡ ᠠᠨᠠᠭᠠᠬᠤ ᠤᠬᠠᠭᠠᠨᠳᠠᠨ ᠯᠢ ᠱᠢ ᠵᠧᠨ ᠳᠡᠬᠦᠨ ᠤ ︽ᠡᠪᠡᠰᠥᠨ ᠡᠮ ᠎ ᠤᠨ ᠳᠤᠪᠴᠢ︾᠎ ᠳᠠᠭᠠᠨ ᠳᠤᠰᠬᠠᠶᠢᠯᠠᠨ᠄ ︽ᠬᠤᠨᠢᠨ ᠮᠢᠬ᠎ᠠ ᠨᠢ ᠪᠡᠶ᠎ᠡ ᠶᠢᠨ ᠳᠠᠮᠢᠷ ᠢ ᠨᠡᠮᠡᠭᠳᠡᠬᠦᠯᠵᠤ᠂ ᠪᠥᠬᠡᠷ᠎ᠡ ᠶᠢᠨ ᠠᠵᠢᠯᠯᠠᠭ᠎ᠠ ᠶᠢ ᠰᠠᠶᠢᠵᠢᠷᠠᠭᠤᠯᠵᠤ᠂ ᠬᠤᠳᠤᠭᠠᠳᠤ ᠬᠡᠳᠡᠰᠥ ᠶᠢ ᠰᠠᠶᠢᠵᠢᠷᠠᠭᠤᠯᠤᠨ᠎ᠠ﹀﹀ ᠬᠡᠵᠤ ᠪᠢᠴᠢᠵᠤ ᠤᠷᠤᠭᠤᠯᠤᠭᠰᠠᠨ ᠪᠠᠶᠢᠳᠠᠭ᠃ ᠪᠢᠳᠡᠨ ᠤ ᠥᠷᠬᠡᠨ ᠤᠯᠠᠨ ᠮᠠᠯᠴᠢᠨ ᠳᠥᠮᠡᠨ ᠴᠤ ᠬᠤᠨᠢᠨ ᠮᠢᠬ᠎ᠠ ᠪᠠᠷ ᠱᠥᠯᠥ ᠭᠠᠷᠭᠠᠵᠤ ᠡᠪᠡᠳᠴᠢᠨ ᠢᠶᠠᠨ ᠡᠮᠨᠡᠳᠡᠭ ᠪᠠᠶᠢᠵᠤ᠂ ᠡᠬᠦᠨ ᠪᠠᠷ ᠪᠥᠬᠡᠷ᠎ᠡ ᠶᠢᠨ ᠠᠵᠢᠯᠯᠠᠭ᠎ᠠ ᠮᠠᠭᠤᠳᠠᠬᠤ᠂ ᠬᠥᠯ ᠨᠢᠷᠤᠭᠤ ᠡᠪᠡᠳᠬᠦ᠂ ᠴᠢᠬᠢ ᠬᠠᠳᠠᠭᠤᠷᠠᠬᠤ᠂ ᠡᠷ᠎ᠡ ᠪᠡᠯᠬᠡ ᠶᠢᠨ ᠴᠢᠳᠠᠯ ᠮᠠᠭᠤᠳᠠᠬᠤ ᠵᠡᠷᠬᠡ ᠶᠢ ᠡᠮᠨᠡᠨ ᠵᠠᠰᠠᠬᠤ ᠵᠤᠷ ᠪᠤᠯᠭᠠᠨ ᠬᠡᠷᠡᠭᠯᠡᠳᠡᠭ ᠪᠠᠶᠢᠨ᠎ᠠ᠃        — ᠰᠠᠶᠢᠨ ᠶᠠᠭᠤᠮ᠎ᠠ ᠬᠥᠨ ᠨᠢᠭᠤᠭᠳᠠᠬᠤ ᠠᠴᠠ ᠠᠶᠤᠬᠤ ᠥᠬᠡᠢ᠂ ᠠᠯᠢ ᠡᠷᠳᠡ 1992 ᠤᠨ ᠠᠴᠠ ᠡᠬᠢᠯᠡᠨ ᠳᠠᠯ᠎ᠠ ᠨᠤᠳᠤᠭ ᠤᠨ ᠬᠥᠨ ᠳᠠᠬᠢ ᠰᠥᠨᠢᠳ ᠬᠤᠨᠢ ᠨᠢ ᠤᠯᠤᠰ ᠤᠨ ᠬᠢᠯᠢ ᠶᠢ ᠳᠠᠪᠠᠵᠤ᠂ ᠴᠢᠩ ᠬᠤᠸᠠᠩ ᠳ᠋ᠣᠣ ᠪᠤᠭᠤᠮᠳᠠ ᠎ ᠪᠠᠷ ᠳᠠᠮᠵᠢᠨ ᠳᠤᠮᠳᠠᠳᠤ ᠳᠤᠷᠤᠨᠠᠳᠤ ᠤᠷᠤᠨ ᠵᠡᠷᠬᠡ ᠭᠠᠳᠠᠭᠠᠳᠤ ᠤᠯᠤᠰ ᠲᠤ ᠭᠠᠷᠭᠠᠭᠳᠠᠭ ᠪᠥᠭᠡᠳ ᠳᠥᠮᠡᠨ ᠭᠠᠵᠠᠷ ᠢ ᠳᠤᠭᠤᠯᠤᠭᠰᠠᠨ ᠤᠷᠳᠤ ᠵᠠᠮ ᠤᠨ ᠳᠡᠬᠡᠬᠡᠪᠥᠷᠢ ᠳᠤ ᠳᠠᠷᠭᠤ ᠠᠯᠳᠠᠭᠰᠠᠨ ᠪᠠ ᠥᠬᠦᠵᠥ ᠬᠤᠬᠢᠷᠠᠭᠰᠠᠨ ᠨᠢ ᠬᠠᠷᠢᠨ ᠳᠤᠶᠢᠯ ᠎ ᠤᠨ ᠴᠥᠬᠡᠨ ᠪᠠᠶᠢᠳᠠᠭ᠂ ᠰᠥᠨᠢᠳ ᠬᠤᠨᠢᠨ ᠤ ᠡᠶᠢᠮᠥᠷᠬᠦ ᠰᠡᠷᠡᠯᠵᠢᠬᠦ ᠴᠢᠨᠠᠷ ᠥᠬᠡᠢ᠂ ᠤᠷᠴᠢᠨ ᠳᠤᠭᠤᠷᠢᠨ ᠳᠠᠭᠠᠨ ᠠᠮᠠᠷᠬᠠᠨ ᠵᠤᠬᠢᠴᠠᠵᠤ ᠳᠡᠶᠢᠯᠳᠡᠭ ᠨᠢ ᠤᠯᠤᠰ ᠤᠨ ᠭᠠᠳᠠᠭᠠᠳᠤ ᠬᠠᠷᠢᠯᠴᠠᠭᠠᠨ ᠤ ᠶᠠᠮᠥᠨ ᠪᠠ ᠭᠠᠳᠠᠭᠠᠳᠤ ᠶᠢᠨ ᠬᠥᠮᠥᠰ ᠤᠨ ᠮᠠᠭᠳᠠᠭᠠᠯ ᠰᠠᠶᠢᠰᠢᠶᠠᠯ ᠢ ᠤᠯᠤᠭᠰᠠᠭᠠᠷ ᠢᠷᠡᠪᠡ᠃       ᠥᠨᠢ ᠤᠳᠠᠭᠠᠨ ᠳᠡᠥᠬᠡ ᠲᠠᠢ ᠰᠥᠨᠢᠳ ᠤᠨ ᠳᠠᠯ᠎ᠠ ᠨᠤᠳᠤᠭ ᠳᠡᠬᠡᠷ᠎ᠡ᠂ ᠳᠡᠭᠷᠢ ᠨᠢ ᠪᠠᠰᠠ ᠯᠡ ᠳᠡᠶᠢᠮᠥ ᠬᠥᠬᠡ ᠪᠠᠷ ᠎ ᠢᠶᠠᠨ᠂ ᠳᠠᠯ᠎ᠠ ᠨᠢ ᠪᠠᠰᠠ ᠯᠡ ᠳᠡᠶᠢᠮᠥ ᠨᠤᠭᠤᠭᠠᠨ ᠪᠠᠷ ᠢᠶᠠᠨ᠂ ᠨᠠᠭᠤᠷ ᠨᠢ ᠪᠠᠰᠠ ᠯᠡ ᠳᠡᠶᠢᠮᠥ ᠳᠤᠩᠭᠠᠯᠠᠭ ᠪᠠᠷ ᠢᠶᠠᠨ᠂ ᠠᠳᠡ ᠤᠷᠤᠰᠢᠨ ᠠᠮᠢᠳᠤᠷᠠᠵᠤ ᠪᠠᠶᠢᠭ᠎ᠠ ᠰᠥᠨᠢᠳ ᠬᠤᠨᠢ ᠨᠢ ᠨᠢᠬᠡᠨᠳᠡ ᠳᠠᠯ᠎ᠠ ᠨᠤᠳᠤᠭ ᠠᠴᠠ ᠪᠠᠨ ᠭᠠᠷᠴᠤ᠂ ᠤᠯᠤᠰ ᠤᠨ ᠬᠢᠯᠢ ᠶᠢ ᠳᠠᠪᠠᠭᠠᠳ᠂ ᠳᠡᠯᠡᠬᠡᠢ ᠳ᠋ᠠᠬᠢᠨ ᠳᠤ ᠠᠯᠳᠠᠷᠰᠢᠪᠠ᠃ ᠬᠤᠶᠢᠰᠢᠳᠠ ᠶᠢᠨ ᠨᠡᠶᠢᠬᠡᠮ ᠤᠨ ᠬᠥᠭᠵᠢᠯᠳᠡ ᠲᠤ᠂ ᠰᠥᠨᠢᠳ ᠬᠤᠨᠢ ᠨᠢ ᠥᠷᠬᠡᠨ ᠤᠯᠠᠨ ᠮᠠᠯᠴᠢᠨ ᠳᠥᠮᠡᠨ ᠤ ᠥᠢᠯᠳᠪᠥᠷᠢᠯᠠᠯ ᠠᠮᠢᠳᠤᠷᠠᠯ ᠳᠤ ᠨᠡᠩ ᠴᠢᠬᠤᠯᠠ ᠥᠢᠯᠡᠳᠥᠯ ᠥᠵᠡᠬᠦᠯᠥᠨ᠎ᠡ ᠬᠡᠰᠡᠨ ᠲᠤ ᠪᠡᠳᠡ ᠪᠠᠳᠤ ᠢᠳᠡᠬᠡᠯ ᠲᠠᠢ ᠪᠠᠶᠢᠨ᠎ᠠ᠃
 
ᠢᠷᠡᠯᠲᠡ᠄ ᠠᠷᠠᠳ ᠤᠨ ᠵᠠᠰᠠᠭ ᠤᠨ ᠤᠷᠳᠤᠨ ᠠᠴᠠ ᠬᠠᠨᠭ᠍ᠭᠠᠨ ᠦᠭᠪᠡ᠃
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号