ᠰᠠᠩᠵᠠᠶᠢᠳᠦᠷᠵᠢ
ᠨᠡᠶᠢᠲᠡᠯᠡᠭᠰᠡᠨ ᠴᠠᠭ᠄
2010/9/25
      ᠰᠠᠩᠵᠠᠶᠢᠳᠤᠷᠵᠢ ᠂ ᠰᠦᠨᠢᠳ ᠵᠡᠬᠦᠨ ᠬᠤᠰᠢᠭᠤᠨ ᠤ ᠬᠦᠮᠦᠨ᠃ 1922 ᠤᠨ ᠤ ᠬᠠᠷ᠎ᠠ ᠭᠠᠭ᠋ᠠᠢ ᠵᠢᠯ ᠲᠦᠷᠦᠵᠡᠢ᠃ ᠲᠡᠷᠡ ᠪᠤᠯ ᠮᠠᠨ ᠤ ᠮᠤᠩᠭᠤᠯ ᠦᠨᠳᠦᠰᠦᠳᠡᠨ ᠤ ᠰᠤᠶᠤᠯ ᠤᠨ ᠵᠢᠳᠭᠦᠯᠳᠡᠨ ᠤ ᠨᠢᠭᠡ᠃ ᠮᠦᠨᠴᠦ ᠮᠠᠨ ᠤ ᠰᠦᠨᠢᠳ ᠨᠤᠳᠤᠭ ᠤᠨ ᠠᠯᠳᠠᠷᠳᠤ ᠡᠷᠳᠡᠮᠳᠡᠨ᠂ ᠨᠡᠷᠡᠳᠦ ᠤᠷᠠᠯᠢᠭᠴᠢᠨ᠂ ᠰᠤᠳᠤᠨ ᠵᠢᠷᠤᠭᠠᠴᠢ᠂ ᠤᠷᠠᠨ ᠪᠠᠷᠢᠮᠵᠢᠯᠴᠢᠨ ᠮᠦᠨ᠃ 1928 ᠤᠨ ᠳᠤ ᠲᠤᠯᠤᠭᠠᠨ ᠨᠠᠰᠤᠨ ᠳᠠᠭᠠᠨ ᠵᠠᠷᠠᠭ᠎ᠠ ᠰᠦᠮ᠎ᠡ ᠶᠢᠨ ᠰᠠᠪᠵᠤᠤ ᠶᠢᠨ ᠬᠤᠷᠠᠯ ᠳᠤ ᠵᠢᠷᠤᠬᠠᠶᠢᠴᠢ ᠯᠠᠮᠠ ᠬᠦᠡᠭᠭᠠᠴᠤᠶᠢᠳᠤᠷᠵᠢ ᠶᠢᠨ ᠱᠠᠪᠢ ᠪᠤᠯᠵᠦ ᠲᠦᠪᠡᠳ ᠨᠤᠮ ᠢ ᠡᠬᠢᠯᠡᠨ ᠰᠤᠷᠴᠦ᠂ ᠦᠰᠦᠭ ᠪᠢᠴᠢᠵᠦ ᠰᠤᠷᠬᠤ᠂ ᠱᠠᠰᠢᠨ ᠤ ᠤᠨᠤᠯ ᠢ ᠰᠤᠨᠤᠰᠴᠦ ᠰᠤᠷᠬᠤ ᠶᠢ ᠲᠤᠯᠤᠭᠠᠨ ᠵᠢᠯ ᠳᠤ ᠪᠦᠷᠢᠨ ᠬᠦᠢᠴᠡᠳ ᠰᠤᠷᠴᠦ ᠲᠡᠭᠦᠰᠪᠡ᠃      1934 ᠤᠨ ᠳᠤ ᠠᠷᠪᠠᠨ ᠭᠤᠷᠪᠠᠨ ᠨᠠᠰᠤᠳᠠᠢ ᠳᠠᠭᠠᠨ ᠴᠠᠭᠠᠨ ᠭᠡᠭᠡᠨ ᠤ ᠱᠠᠪᠢ ᠪᠤᠯᠵᠦ᠂ ᠴᠠᠭᠠᠨ ᠤᠪᠤᠭ᠎ᠠ ᠰᠦᠮ᠎ᠡ ᠳᠤ ᠰᠠᠭᠤᠵᠦ᠂ ᠱᠠᠰᠢᠨ ᠤ ᠲᠠᠭᠤᠤ ᠬᠦᠭᠵᠢᠮ᠂ ᠴᠠᠮ ᠪᠦᠵᠢᠭ᠂ ᠲᠤᠭ᠎ᠠ ᠬᠡᠮᠵᠢᠶ᠎ᠡ ᠶᠢ ᠤᠷᠴᠢᠭᠤᠯᠭ᠎ᠠ ︵ᠲᠦᠪᠡᠳ ᠮᠤᠩᠭᠤᠯ ᠤᠷᠴᠢᠭᠤᠯᠭ᠎ᠠ︶ ᠬᠡᠭᠦ ᠵᠡᠷᠭᠡ ᠠᠵᠢᠯ ᠢ 11 ᠵᠢᠯ ᠳᠤ ᠪᠦᠷᠢᠨ ᠬᠦᠢᠴᠡᠳ ᠰᠤᠷᠴᠦ ᠲᠡᠭᠦᠰᠭᠡᠭᠰᠡᠨ ᠪᠠᠶᠢᠨ᠎ᠠ᠃       1943 ᠤᠨ ᠳᠤ ᠳ᠋ᠢᠯᠸ᠎ᠠ ᠶᠢᠨ ᠰᠦᠮ᠎ᠡ ᠳᠤ ᠴᠠᠭᠠᠨ ᠭᠡᠭᠡᠨ ᠤ ᠲᠤᠮᠢᠯᠠᠯᠳᠠ ᠪᠠᠷ ᠯᠠᠮᠠᠳᠠᠰᠢ ᠶᠢᠨ ᠯᠠᠭᠮ᠎ᠠ ᠶᠢᠨ ᠱᠠᠪᠢ ᠪᠤᠯᠵᠦ᠂ ᠱᠠᠰᠢᠨ ᠤ ᠪᠠᠷᠢᠯᠭ᠎ᠠ ᠶᠢᠨ ᠮᠡᠷᠬᠡᠵᠢᠯ᠂ ᠪᠢᠴᠢᠯᠭᠡᠨ ᠤ ᠮᠡᠷᠭᠡᠵᠢᠯ᠂ ᠵᠢᠷᠤᠭ ᠤᠨ ᠮᠡᠷᠭᠡᠵᠢᠯ ᠢ  ᠪᠦᠬᠦᠯᠢ  ᠭᠤᠷᠪᠠᠨ  ᠵᠢᠯ ᠰᠤᠷᠤᠯᠴᠠᠵᠦ  ᠰᠢᠯᠢᠳᠡᠭ  ᠬᠢᠷᠢ ᠪᠦᠳᠦᠮᠵᠢ ᠪᠠᠷ ᠲᠡᠭᠦᠰᠭᠡᠵᠦ ᠢᠷᠡᠭᠡᠳ 1945 —1957 ᠤᠨ ᠬᠦᠷᠳᠡᠯ᠎ᠡ 13 ᠵᠢᠯ ᠴᠠᠭᠠᠨ ᠰᠦᠮ᠎ᠡ ᠳᠤ ᠱᠠᠰᠢᠨ ᠤ ᠠᠵᠢᠯ ᠢ ᠬᠢᠪᠠ᠃ ᠡᠨᠡ ᠬᠤᠭᠤᠴᠠᠭᠠᠨ ᠳᠠᠭᠠᠨ ᠬᠤᠪᠢᠰᠬᠠᠯ ᠤᠨ ᠠᠵᠢᠯ ᠳᠤ ᠢᠳᠡᠪᠬᠢᠳᠡᠢ ᠤᠷᠤᠯᠴᠠᠵᠦ᠂ ᠨᠠᠮ ᠤᠨ ᠨᠢᠭᠤᠴᠠ ᠠᠵᠢᠯ ᠳᠤ ᠢᠳᠡᠪᠬᠢᠳᠠᠢ ᠬᠠᠮᠵᠢᠯᠴᠠᠵᠦ ᠪᠠᠶᠢᠪᠠ᠃     1957 ᠤᠨ ᠳᠤ ᠰᠦᠮ᠎ᠡ ᠠᠴᠠ ᠰᠠᠯᠵᠦ᠂ ᠬᠦᠳᠡᠭᠡ ᠭᠠᠷᠴᠦ ᠬᠠᠷ᠎ᠠ ᠪᠤᠯᠵᠦ᠂ ᠮᠠᠯ ᠮᠠᠯᠵᠢᠵᠦ ᠶᠠᠪᠤᠭᠰᠠᠨ ᠪᠦᠭᠡᠳ ᠪᠠᠷᠢᠭᠠᠳᠠ ᠶᠢᠨ ︵  ᠭᠠᠴᠠᠭᠠᠨ ᠤ︶  ᠨᠢᠭᠳᠠᠯᠠᠨ ᠪᠤᠳᠤᠭᠴᠢ ᠶᠢᠨ ᠠᠵᠢᠯ 8 ᠵᠢᠯ᠂ ᠪᠠᠷᠢᠭᠠᠳᠠ ︵ᠭᠠᠴᠠᠭᠠᠨ ᠤ︶ ᠶᠢᠨ ᠲᠠᠷᠤᠭ᠎ᠠ ᠶᠢᠨ ᠠᠵᠢᠯ ᠢ 9 ᠵᠢᠯ ᠬᠢᠵᠦ᠂ ᠨᠡᠷ᠎ᠡ ᠲᠦᠷᠦ ᠲᠠᠢ᠂ ᠤᠯᠠᠨ ᠳᠠᠭᠠᠨ ᠬᠦᠨᠳᠦ ᠲᠠᠢ ᠰᠠᠶᠢᠨ ᠦᠨᠳᠦᠰᠦᠨ ᠱᠠᠳᠤᠨ ᠤ ᠺᠠᠳᠠᠷ ᠢᠶᠠᠷ ᠠᠵᠢᠯᠠᠯᠵᠦ ᠪᠠᠶᠢᠪᠠ᠃ ᠬᠡᠳᠡᠯ᠎ᠡ ︽ᠠᠷᠪᠠᠨ ᠵᠢᠯ ‍ᠣᠨ‌‍ᠰᠠᠮᠠᠭᠤᠷᠠᠯ︾ ᠤᠨ ᠭᠠᠢ ᠭᠠᠮᠰᠢᠭ ᠲᠤ ᠤᠴᠠᠷᠠᠵᠦ  ︽ᠴᠢᠳᠬᠦᠷ︾ ᠪᠤᠯᠵᠦ ᠲᠡᠮᠡᠴᠡᠭᠳᠡᠭᠡᠳ ᠡᠴᠦᠰ ᠲᠡᠭᠡᠨ ᠦᠨᠡᠨ ᠮᠦᠨ ᠢᠶᠠᠨ ᠤᠯᠵᠦ ᠲᠠᠬᠢᠨ ᠰᠤᠷᠤᠭᠰᠠᠨ ᠡᠷᠳᠡᠮ  ᠢᠶᠠᠨ ᠤᠯᠠᠨ ᠨᠡᠶᠢᠳᠡ ᠳᠤ ᠡᠷᠬᠦᠬᠦ ᠵᠤᠯ ᠵᠠᠪᠰᠢᠶᠠᠨ ᠢᠶᠠᠷ ᠤᠯᠪᠠ᠃ ᠮᠦᠨᠴᠦ ᠨᠠᠮ ᠤᠨ ᠠᠮᠢ ᠨᠠᠰᠤ  ᠪᠠᠨ ᠲᠠᠬᠢᠨ ᠤᠯᠤᠭᠰᠠᠨ ᠪᠠᠶᠢᠨ᠎ᠠ᠃ ᠲᠡᠷᠡ1965 ᠤᠨ ᠳᠤ ᠪᠡᠯᠡᠳᠬᠡᠯ ᠨᠠᠮ ᠤᠨ ᠭᠡᠰᠢᠬᠦᠨ ᠢᠶᠠᠷ ᠬᠦᠮᠦᠵᠢᠭᠳᠡᠵᠦ ᠪᠠᠶᠢᠭᠠᠳ ᠰᠤᠶᠤᠯ ᠤᠨ ᠬᠤᠪᠢᠰᠬᠠᠯ ᠤᠨ ᠲᠤᠮᠳᠠ ᠬᠠᠶᠠᠭᠳᠠᠨ ᠬᠠᠰᠤᠭᠳᠠᠵᠦ ᠲᠠᠬᠢᠨ‌ᠡᠷᠬᠦᠳᠡᠯ ᠭᠠᠷᠭᠠᠵᠦ᠂ 1986 ᠤᠨ ᠤ 5 ᠰᠠᠷ᠎ᠠ ᠶᠢᠨ 19 ᠳᠤ 66 ᠨᠠᠰᠤᠳᠠᠢ ᠳᠠᠭᠠᠨ ᠦᠡᠭᠭᠡ ᠭᠡᠷᠡᠯᠳᠡᠢ ᠪᠠᠷ ᠲᠤᠮᠳᠠᠳᠦ ᠤᠯᠤᠰ ᠤᠨ ᠡᠪ ᠬᠠᠮᠳᠤ ᠨᠠᠮ ᠳᠤ ᠡᠯᠰᠡᠭᠳᠡᠪᠡ᠃     1982 ᠤᠨ ᠠᠴᠠ1990 ᠤᠨ ᠬᠦᠷᠳᠡᠯ᠎ᠡ ᠬᠤᠨᠭ᠍ᠭᠤᠷ ᠰᠤᠮᠤᠨ ᠤ ᠦᠷᠨᠢᠯᠳᠡ ᠭᠠᠴᠠᠭᠠᠨ ᠳᠤ ᠭᠠᠴᠠᠭᠠᠨ ᠤ ᠠᠯᠪᠠᠨ ᠭᠡᠷ ᠢ ᠬᠠᠷᠠᠨ ᠬᠠᠮᠢᠶᠠᠷᠴᠦ‌ᠤᠷᠤᠯᠠᠨ‌ᠬᠤᠳᠠᠯᠳᠤᠬᠤ ᠲᠡᠯᠭᠡᠭᠦᠷ ᠡᠷᠬᠢᠯᠡᠵᠦ᠂  ᠦᠳᠡᠯᠦᠭᠡ ᠨᠠᠰᠤᠨ ᠤ ᠪᠠᠨ ᠬᠦᠴᠦᠨ ᠴᠢᠳᠠᠯ ᠢᠶᠠᠷ ᠨᠠᠮ᠂ ᠠᠷᠠᠳ ᠲᠦᠮᠡᠨ ᠤ  ᠪᠠᠨ ᠦᠢᠯᠡᠰ ᠲᠤ ᠨᠡᠮᠡᠷᠢᠯᠡᠵᠦ ᠪᠠᠶᠢᠪᠠ᠃       ᠰᠠᠩᠵᠠᠶᠢᠳᠤᠷᠵᠢ ᠨᠦᠬᠦᠷ ᠪᠤᠯ 1984 ᠤᠨ ᠠᠴᠠ 1991 ᠤᠨ ᠬᠦᠷᠳᠡᠯ᠎ᠡ ᠰᠦᠨᠢᠳ ᠵᠡᠬᠦᠨ ᠬᠤᠰᠢᠭᠤᠨ ᠤ  ᠤᠯᠤᠰ ᠲᠦᠷᠦ ᠶᠢᠨ ᠵᠦᠪᠯᠡᠯᠭᠡᠨ ᠤ ᠬᠤᠶᠠᠳᠤᠭᠠᠷ᠂ ᠭᠤᠷᠪᠠᠳᠤᠭᠠᠷ ᠬᠤᠭᠤᠴᠠᠭᠠᠨ ᠤ ᠬᠡᠰᠢᠭᠦᠨ ᠢᠶᠠᠷ ᠰᠤᠩᠭᠤᠭᠳᠠᠵᠦ᠂ 1998 ᠤᠨ ᠳᠤ ᠰᠢᠯᠢ ᠶᠢᠨ ᠭᠤᠤᠯ ᠠᠶᠢᠮᠠᠭ ᠤᠨ ᠮᠠᠯᠴᠢᠨ ᠭᠠᠷ ᠤᠷᠠᠯᠢᠭᠴᠢᠳ ᠤᠨ ᠲᠤᠮᠳᠠ ᠵᠡᠷᠭᠡ ᠶᠢᠨ ᠲᠤᠰᠠᠬᠠᠢ ᠮᠡᠷᠬᠡᠵᠢᠯ ᠤᠨ ᠴᠤᠯᠠ ᠶᠢᠨ ᠦᠨᠡᠮᠡᠯᠡᠯ ᠢ  ᠤᠯᠪᠠ᠃        ︽ᠬᠦᠪᠡᠬᠦᠨ ᠬᠤᠨᠭ᠍ᠭᠤᠷ ᠤᠨ ᠲᠤᠮᠤᠭ︾ ᠢ 1984 ᠤᠨ ᠳᠤ ᠬᠠᠶᠢᠯᠠᠵᠠᠢ᠃       ︽ᠬᠤᠳᠠᠴᠢ ᠴᠢᠨᠤᠴᠢ ᠬᠤᠶᠠᠷ︾ ᠬᠡᠰᠡᠨ ᠲᠤᠤᠯᠢ ᠶᠢ1987 ᠤᠨ ᠳᠤ ᠬᠠᠶᠢᠯᠠᠵᠠᠢ᠂  ᠳ᠋᠊ ᠂ ᠴᠠᠭᠠᠨ ᠰᠢᠩᠭᠡᠭᠡᠨ ᠠᠪᠴᠤ ᠡᠮᠬᠢᠳᠬᠡᠪᠡ᠃ 
 
ᠢᠷᠡᠯᠲᠡ᠄ ᠲᠣᠰ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号