ᠲᠠᠯ᠎ᠠ ᠨᠤᠳᠤᠭ ᠤᠨ ᠵᠤᠭᠠᠴᠠᠯ
ᠨᠡᠶᠢᠲᠡᠯᠡᠭᠰᠡᠨ ᠴᠠᠭ᠄
2010/9/28
      ᠲᠠᠯ᠎ᠠ ᠨᠤᠳᠤᠭ ᠤᠨ ᠵᠤᠭᠠᠴᠠᠯ      ᠵᠡᠬᠦᠨ ᠬᠠᠳᠠ      ᠵᠡᠬᠦᠨ ᠬᠠᠳᠠ ᠬᠡᠳᠡᠭ ᠡᠷᠳᠡ ᠲᠡᠭᠡᠳᠦᠰ ᠠᠴᠠ ᠪᠠᠨ ᠤᠯᠠᠮᠵᠢᠯᠠᠯ ᠲᠠᠢ᠂ ᠡᠬᠡ ᠪᠠᠶᠢᠭᠠᠯᠢ ᠶᠢᠨ ᠤᠨᠴᠠ ᠦᠵᠡᠰᠬᠦᠯᠡᠩ ᠲᠠᠢ ᠡᠨᠡ ᠭᠠᠵᠠᠷ ᠪᠤᠯ ᠬᠤᠨᠭ᠍ᠭᠤᠷ ᠰᠤᠮᠤᠨ ᠤ ᠱᠢᠷᠦᠴᠡᠩᠳᠦ ᠭᠠᠴᠠᠭᠠᠨ ᠤ ᠨᠤᠳᠤᠭ ᠲᠤ ᠪᠠᠶᠢᠳᠠᠭ᠃ ᠡᠭ᠍ᠴᠡ ᠦᠨᠳᠦᠷ ᠬᠠᠳᠠ ᠲᠠᠢ᠂ ᠬᠦᠬᠡ ᠶᠡᠭᠡ ᠬᠠᠪᠴᠢᠯ ᠵᠢᠯᠭ᠎ᠠ ᠨᠤᠭᠤᠳ ᠢᠶᠠᠷ ᠨᠢ ᠬᠠᠶᠢᠯᠠᠰᠤ ᠭᠦᠢᠯᠡᠰᠦ ᠶᠠᠰᠢᠯ ᠵᠡᠷᠭᠡ ᠤᠯᠠᠨ ᠶᠠᠩᠵᠦ ᠶᠢᠨ ᠡᠬᠡ ᠪᠠᠶᠢᠭᠠᠯᠢ ᠠᠴᠠ ᠢᠪᠡᠭᠡᠭᠰᠡᠨ ᠡᠯᠳᠡᠪ ᠵᠦᠢᠯ ᠤᠨ ᠦᠨᠡᠳᠦ ᠤᠷᠭᠤᠮᠠᠯ ᠲᠠᠢ᠃ ᠶᠠᠩᠭᠢᠷ ᠢᠮᠠᠭ᠎ᠠ᠂ ᠵᠡᠷᠯᠢᠭ ᠠᠳᠤᠭᠤ ᠵᠡᠭᠡᠷ᠎ᠡ ᠶᠢᠨ ᠰᠦᠷᠦᠭ ᠵᠡᠷᠭᠡ ᠤᠯᠠᠨ ᠵᠦᠢᠯ ᠤᠨ ᠠᠷᠢᠶᠠᠳᠠᠨ ᠠᠮᠢᠳᠠᠳ ᠤᠷᠤᠩᠨᠠᠨ ᠨᠤᠳᠤᠭᠰᠢᠵᠦ᠂ ᠤᠨ ᠵᠢᠯ ᠤᠳᠠᠭᠠᠨ ᠢᠶᠠᠷ ᠡᠬᠡ ᠪᠠᠶᠢᠭᠠᠯᠢ ᠶᠢᠨ ᠤᠨᠴᠠ ᠶᠢᠨ ᠰᠠᠶᠢᠬᠠᠨ ᠦᠵᠡᠮᠵᠢ ᠶᠢ ᠬᠠᠳᠠᠭᠠᠯᠠᠭᠰᠠᠭᠠᠷ ᠢᠷᠡᠭᠰᠡᠨ ᠲᠠᠯᠠᠢ ᠶᠢᠨ ᠲᠦᠪᠰᠢᠨ ᠠᠴᠠ 1164 ᠮᠧᠲᠷ ᠦᠨᠳᠦᠷ ᠡᠷᠬᠦᠭᠳᠡᠭᠰᠡᠨ ᠡᠨᠡ ᠭᠠᠵᠠᠷ ᠢ ᠵᠡᠬᠦᠨ ᠬᠠᠳᠠ ᠬᠡᠳᠡᠭ᠃      ᠪᠤᠳᠠᠷ ᠤᠨ ᠴᠢᠯᠠᠭᠤ      ᠲᠡᠯᠡᠬᠡᠢ ᠶᠢᠨ ᠰᠤᠨᠢᠨ ᠭᠠᠶᠢᠬᠠᠮᠰᠢᠭᠳᠤ ᠬᠡᠪ ᠲᠤᠭᠳᠠᠴᠠ ᠪᠦᠬᠦᠢ ᠦᠵᠡᠰᠬᠦᠯᠡᠩᠳᠦ ᠰᠠᠶᠢᠬᠠᠨ ᠪᠤᠳᠠᠷ ᠤᠨ ᠴᠢᠯᠠᠭᠤ ᠪᠤᠯ ᠰᠦᠨᠢᠳ ᠵᠡᠬᠦᠨ ᠬᠤᠰᠢᠭᠤᠨ ᠤ ᠲᠠᠯᠠᠢ ᠰᠤᠮᠣᠨ ᠤ ᠰᠢᠨ᠋ᠬᠠᠮᠢᠳᠤᠷᠠᠯ ᠭᠠᠴᠠᠭᠠᠨ ᠤ ᠨᠤᠳᠤᠭ ᠎ ᠲᠤ ᠪᠠᠶᠢᠷᠢᠯᠠᠵᠦ᠂ ᠤᠮᠠᠷᠠᠳᠦ ᠦᠷᠬᠡᠷᠢᠭ ᠤᠨ 112〃 40。—112〃 46。᠂ ᠵᠡᠬᠦᠨ ᠤᠷᠳᠤᠷᠢᠳ ᠤᠨ 44〃 48 — 44 〃54 。᠎ ᠳᠤ ᠪᠠᠶᠢᠷᠢᠰᠢᠵᠦ ᠪᠠᠶᠢᠳᠠᠭ᠃      ᠲᠡᠭᠷᠢ ᠶᠢᠨ ᠤᠮᠠᠷᠠᠳᠦ ᠡᠳᠡᠬᠡᠳ ᠤᠨ ᠤᠰᠤᠨ ᠮᠠᠬᠠᠪᠤᠳ ᠵᠤᠨ ᠢ ᠡᠷᠬᠢᠯᠡᠭᠰᠡᠨ ︽ᠪᠤᠳ᠋︾ ᠤᠳᠤᠨ ᠤ ᠢᠪᠡᠭᠡᠭᠰᠡᠨ ᠭᠠᠵᠠᠷ ᠬᠡᠰᠡᠨ ᠤᠯᠠᠮᠵᠢᠯᠠᠯ ᠲᠤᠮᠤᠭ ᠠᠴᠠ ︽ᠪᠤᠳ᠋ ᠭᠠᠷᠠᠭ ᠤᠨ ᠴᠢᠯᠠᠭᠤ︾ ᠬᠡᠵᠦ ᠨᠡᠷᠡᠯᠡᠵᠦ᠂ ᠡᠳᠦᠷ ᠤᠳᠠᠭᠠᠨ ᠳᠠᠭᠠᠨ ᠠᠶᠠᠯᠭᠤ ᠬᠤᠪᠢᠷᠠᠨ ︽ᠪᠤᠳᠠᠷ ᠤᠨ ᠴᠢᠯᠠᠭᠤ︾ ᠬᠡᠵᠦ ᠨᠡᠷᠡᠶᠢᠳᠬᠦ ᠪᠤᠯᠤᠯ᠎ᠠ ᠬᠡᠳᠡᠭ ᠲᠤᠮᠤᠭ ᠲᠠᠢ᠃      ᠪᠤᠳᠠᠷ ᠤᠨ ᠴᠢᠯᠠᠭᠤ ᠪᠤᠯ ᠰᠤᠨᠢᠨ ᠰᠤᠳᠤᠨ ᠲᠦᠷᠢ ᠲᠦᠷᠬᠦ᠂ ᠦᠵᠡᠰᠬᠦᠯᠡᠩᠳᠦ ᠰᠠᠶᠢᠬᠠᠨ ᠦᠩᠬᠡ ᠦᠵᠡᠮᠵᠢ ᠪᠠᠷ ᠢᠶᠠᠨ ᠲᠠᠯ᠎ᠠ ᠨᠤᠳᠤᠭ ᠤᠨ ︽ᠴᠢᠯᠠᠭᠤᠨ ᠠᠭᠤᠢ︾ ᠬᠡᠮᠡᠨ ᠠᠯᠳᠠᠷᠰᠢᠵᠦ᠂ ᠭᠠᠳᠠᠭᠠᠳᠦ ᠲᠤᠳᠤᠭᠠᠳᠦ ᠶᠢᠨ ᠵᠤᠭᠠᠴᠠᠭᠰᠠᠳ ᠤᠨ ᠰᠤᠨᠢᠷᠬᠠᠯ ᠢ ᠲᠠᠳᠠᠭᠰᠠᠨ ᠤᠷᠤᠨ ᠶᠤᠮ᠃      ᠮᠤᠤ ᠶᠢᠨ ᠬᠦᠭᠡᠪᠦᠷ      ᠮᠤᠤ ᠶᠢᠨ ᠬᠦᠭᠡᠪᠦᠷ ᠪᠤᠯ ᠰᠦᠨᠢᠳ ᠵᠡᠬᠦᠨ ᠬᠤᠰᠢᠭᠤᠨ ᠤ ᠲᠠᠷᠬᠠᠨ ᠠᠭᠤᠯᠠ ᠰᠤᠮᠤᠨ ᠤ ᠪᠠᠶᠠᠨ ᠮᠠᠩᠯᠠᠢ ᠭᠠᠴᠠᠭᠠᠨ ᠤ ᠨᠤᠳᠤᠭ ᠲᠤ ᠪᠠᠶᠢᠳᠠᠭ᠃ ᠮᠤᠤ ᠶᠢᠨ ᠬᠦᠭᠡᠪᠦᠷ ᠶᠢᠨ ᠤᠪᠤᠭ᠎ᠠ — ᠲᠠᠷᠤᠢ ᠴᠢᠩᠭᠢᠰ ᠤᠨ ᠰᠠᠩ ᠤᠨ ᠤᠪᠤᠭ᠎ᠠ ᠨᠢ ᠮᠤᠤ ᠶᠢᠨ ᠬᠦᠬᠡᠪᠦᠷᠢ ᠶᠢᠨ ᠬᠤᠳᠳᠤᠭ ᠤᠨ ᠡᠮᠦᠨᠡᠬᠡᠨ ᠲᠡᠭᠰᠢ ᠰᠠᠶᠢᠬᠠᠨ ᠲᠠᠯ᠎ᠠ ᠶᠢᠨ ᠲᠤᠮᠳᠠ ᠨᠢᠬᠡᠨ ᠵᠢᠷᠦᠬᠡᠨ ᠬᠡᠯᠪᠡᠷᠢ ᠲᠠᠢ ᠰᠢᠷᠦᠢ ᠶᠢᠨ ᠲᠤᠪᠤᠷᠴᠠᠭ ᠢ ᠬᠡᠯᠡᠳᠡᠭ᠃ ᠨᠤᠳᠤᠭ ᠤᠨ ᠬᠢᠨ ᠶᠡᠭᠡ ᠡᠷᠳᠡᠨ ᠎ ᠠᠴᠠ ︽ᠴᠢᠩᠭᠢᠰ ᠤᠨ ᠰᠠᠩ ᠤᠨ ᠤᠪᠤᠭ᠎ᠠ︾ ᠬᠡᠵᠦ ᠵᠢᠯ ᠪᠦᠷᠢ ᠶᠢᠨ ᠵᠤᠨ ᠤ ᠲᠦᠷᠪᠡᠨ ᠰᠠᠷ᠎ᠠ ᠶᠢᠨ ᠠᠷᠪᠠᠨ ᠵᠢᠷᠭᠤᠭᠠᠨ ᠳᠤ ᠲᠠᠶᠢᠵᠢ ᠢᠵᠠᠭᠤᠷᠳᠠᠨ᠂ ᠪᠦᠬᠡ ᠶᠢᠨ ᠰᠢᠳᠦᠬᠡᠨᠳᠡᠳ ᠠᠴᠠ ᠰᠠᠩ ᠲᠠᠯᠪᠢᠵᠦ ᠲᠠᠬᠢᠳᠠᠭ ᠪᠠᠶᠢᠪᠠ᠃      ᠮᠤᠤ ᠶᠢᠨ ᠬᠦᠭᠡᠪᠦᠷ ᠶᠢᠨ ᠰᠢᠷᠦᠢ ᠶᠢᠨ ᠲᠤᠪᠤᠷᠴᠠᠭ ᠰᠢᠭ᠋ ᠤᠪᠤᠭ᠎ᠠ ᠶᠢ ᠬᠦᠮᠦᠨ ᠤ ᠬᠦᠴᠦ ᠪᠠᠷ ᠰᠢᠷᠦᠢ ᠤᠪᠤᠭᠠᠯᠠᠵᠦ ᠪᠤᠰᠬᠠᠭᠰᠠᠨ ᠬᠡᠳᠡᠭ ᠢ ᠡᠵᠡᠨ ᠴᠢᠩᠭᠢᠰ ᠤᠨ ᠠᠯᠳᠠᠨ ᠱᠠᠷᠢᠯ ᠢ ᠵᠠᠯᠠᠵᠦ ᠶᠠᠪᠤᠬᠤ ᠳᠤ ᠡᠨᠡ ᠮᠤᠤ ᠶᠢᠨ ᠬᠦᠭᠡᠪᠦᠷᠢ ᠳᠤ ᠲᠡᠷᠬᠡ ᠨᠢ ᠰᠢᠪᠠᠷᠳᠠᠭᠰᠠᠨ ᠳᠤ ᠰᠦᠨᠢᠳ ᠤᠨ ᠬᠢᠯᠤᠬᠡᠳᠡᠢ ᠪᠠᠭᠠᠳᠤᠷ ᠰᠢᠯᠦᠭ ᠤᠩᠰᠢᠵᠦ ᠲᠡᠷᠬᠡ ᠶᠢ ᠰᠢᠪᠠᠷ ᠠᠴᠠ ᠭᠠᠷᠭᠠᠭᠰᠠᠨ ᠢ ᠲᠤᠷᠠᠰᠬᠠᠯ᠎ᠠ ᠬᠡᠳᠡᠭ ᠲᠤᠮᠤᠭ ᠲᠠᠢ᠃      ᠮᠤᠤ ᠶᠢᠨ ᠬᠦᠬᠡᠪᠦᠷᠢ ᠶᠢᠨ ᠤᠪᠤᠭᠠᠨ ᠲᠡᠭᠡᠷ᠎ᠡ ᠤᠴᠢᠭᠠᠳ ᠰᠠᠶᠢᠬᠠᠨ ᠠᠵᠢᠭᠯᠠᠪᠠᠯ ᠦᠨᠡᠬᠡᠷ ᠬᠦᠮᠦᠨ ᠤ ᠬᠦᠴᠦ ᠪᠠᠷ ᠤᠪᠤᠭᠠᠯᠠᠵᠦ ᠪᠤᠰᠬᠠᠭᠰᠠᠨ ᠰᠢᠭ ᠲᠦᠷᠦᠭᠳᠡᠯ ᠦᠭᠳᠡᠭ᠃ ᠰᠢᠷᠦᠢ ᠶᠢᠨ ᠤᠪᠤᠭᠠᠨ ᠤ ᠰᠢᠷᠦᠢ ᠪᠤᠯᠤᠨ ᠤᠤᠯ ᠭᠠᠵᠠᠷ ᠤᠨ ᠬᠦᠷᠦᠰᠦ ᠶᠢᠨ ᠦᠩᠭᠡ ᠲᠠᠢ ᠠᠳᠠᠯᠢ ᠦᠬᠡᠢ᠂ ᠰᠢᠷᠦᠢ ᠶᠢᠨ ᠤᠪᠤᠭᠠᠨ ᠤ ᠲᠡᠭᠡᠷᠡᠬᠢ ᠡᠪᠡᠰᠦ ᠤᠷᠭᠤᠮᠠᠯ ᠨᠢ ᠶᠡᠭᠡ ᠰᠡᠶᠢᠷᠡᠭ ᠲᠠᠴᠢᠷ ᠪᠠᠶᠢᠬᠤ ᠳᠤ᠂ ᠡᠷᠬᠢᠨ ᠲᠤᠭᠤᠷᠢᠨ ᠤ ᠤᠤᠯ ᠭᠠᠵᠠᠷ ᠤᠨ ᠤᠷᠭᠤᠮᠠᠯ ᠨᠢ ᠶᠡᠭᠡ ᠦᠳᠬᠡᠨ ᠰᠠᠬᠤᠯᠠᠭ ᠤᠷᠭᠤᠭᠰᠠᠨ ᠪᠠᠶᠢᠳᠠᠭ᠃ ᠡᠨᠡᠬᠦ ᠤᠪᠤᠭ᠎ᠠ ᠶᠢ ᠪᠤᠰᠬᠠᠬᠤ ᠳᠤ ᠰᠢᠷᠦᠢ ᠠᠪᠤᠭᠰᠠᠨ ᠭᠠᠵᠠᠷ ᠢ ᠬᠠᠨᠴᠤᠢ ᠶᠢᠨ ᠭᠤᠤ ᠬᠡᠳᠡᠭ ᠪᠦᠬᠡᠳ ᠤᠳᠤ ᠴᠤ ᠬᠡᠰᠡᠨ ᠦᠯᠦ ᠮᠡᠳᠡᠭᠳᠡᠮ᠎ᠡ ᠬᠤᠳᠤᠶᠢᠭᠰᠠᠨ ᠭᠠᠵᠠᠷ ᠪᠠᠶᠢᠳᠠᠭ᠃      ᠨᠦᠬᠦᠰ ᠤᠨ ᠭᠤᠤᠯ      ᠨᠦᠬᠦᠰ ᠤᠨ ᠭᠤᠤᠯ ᠤᠨ ᠲᠤᠬᠠᠢ ᠪᠤᠭᠤᠷᠤᠯᠴᠤᠳ ᠮᠠᠨᠢ ᠢᠩᠭᠢᠵᠦ ᠲᠤᠮᠤᠭ ᠪᠤᠯᠭᠠᠨ ᠶᠠᠷᠢᠵᠦ ᠪᠠᠶᠢᠭᠰᠠᠨ ᠢ ᠰᠡᠶᠢᠷᠡᠬᠦᠯᠦᠨ ᠪᠢᠴᠢᠯ᠎ᠡ᠃      ᠡᠷᠳᠡ ᠤᠷᠢᠳ ᠤᠨ ᠴᠠᠭ ᠲᠤ ᠡᠵᠡᠨ ᠴᠢᠩᠭᠢᠰ ᠡᠮᠦᠨ᠎ᠡ ᠠᠴᠠ ᠬᠤᠶᠢᠰᠢ ᠪᠤᠴᠠᠬᠤ ᠳᠠᠭᠠᠨ᠂ ᠰᠢᠯᠤᠭᠤᠨ ᠬᠦᠬᠡ ᠬᠤᠰᠢᠭᠤᠨ ᠤ ᠵᠢᠭᠠᠰᠤᠳᠠᠢ ᠰᠤᠮᠤᠨ ᠤ ᠪᠠᠶᠠᠨᠨᠠᠭᠤᠷ ᠭᠠᠴᠠᠭᠠᠨ ᠤ ᠠᠷᠤ ᠳᠤ ᠪᠠᠶᠢᠬᠤ ᠬᠠᠷᠠᠨᠠᠳᠤ ᠎ ᠶᠢᠨ ᠤᠪᠤᠭᠠᠨ ᠠᠷᠤ ᠠᠴᠠ ᠤᠷᠭ᠎ᠠ ᠪᠠᠨ ᠴᠢᠷᠦᠬᠡᠳ᠂ ᠤᠳᠤ ᠬᠦᠤᠷ ᠴᠠᠭᠠᠨ ᠨᠠᠭᠤᠷ ᠤᠨ ᠪᠠᠶᠢᠭ᠎ᠠ ᠤᠷᠤᠨ ᠲᠡᠭᠡᠷ᠎ᠡ ᠪᠠᠶᠢᠭᠰᠠᠨ ᠨᠢᠬᠡᠨ ᠲᠤᠩᠭᠠᠯᠠᠭ ᠤᠰᠤ ᠲᠠᠢ ᠬᠤᠳᠳᠤᠭ ᠲᠡᠭᠡᠷ᠎ᠡ ᠬᠦᠷᠴᠦ ᠬᠡᠨ᠎ᠡ᠃ ᠡᠵᠡᠨ ᠴᠢᠩᠭᠢᠰ ᠵᠤᠨ ᠤ ᠬᠠᠯᠠᠭᠤᠨ ᠳᠤ ᠠᠮᠠᠨ ᠳᠠᠭᠠᠨ ᠮᠦᠰᠦᠨ ᠰᠢᠬᠢᠷ ᠡᠮᠬᠦᠵᠦ ᠬᠤᠳᠳᠤᠭ ᠤᠨ ᠠᠮᠠᠰᠠᠷ ᠢ ᠱᠠᠭᠠᠶᠢᠵᠦ ᠦᠵᠡᠬᠡᠳ᠄ ︽ᠡᠨᠡ ᠶᠠᠮᠠᠷ ᠰᠠᠶᠢᠬᠠᠨ ᠲᠤᠩᠭᠠᠯᠠᠭ ᠤᠰᠤ ᠪᠤᠢ︾ ᠬᠡᠵᠦ ᠬᠡᠯᠡᠳᠡᠯ᠎ᠡ ᠠᠮᠠᠨ ᠳᠠᠬᠢ ᠰᠢᠬᠢᠷ ᠢᠶᠠᠨ ᠬᠤᠳᠳᠤᠭ ᠲᠤ ᠠᠯᠳᠠᠭᠰᠠᠨ ᠬᠡᠨ᠎ᠡ᠃      ᠢᠩᠭᠢᠭᠡᠳ ᠡᠵᠡᠨ ᠴᠢᠩᠭᠢᠰ᠄ ︽ᠠᠷᠢᠭᠤᠨ ᠲᠤᠩᠭᠠᠯᠠᠭ ᠨᠠᠭᠤᠷ ᠲᠠᠢ᠂ ᠠᠮᠢᠳᠠᠨ ᠬᠦᠮᠦᠨ ᠢ ᠲᠤᠰᠠᠯᠠᠬᠤ ᠷᠠᠰᠢᠶᠠᠨ ᠪᠤᠯᠠᠭ ᠭᠠᠷᠤᠨ᠎ᠠ ᠳ᠋ᠠ︾ ᠬᠡᠵᠦ ᠬᠡᠯᠡᠬᠡᠳ ᠮᠤᠷᠳᠠᠨ ᠶᠠᠪᠤᠭᠰᠠᠨ ᠬᠡᠨ᠎ᠡ᠃ ᠢᠩᠭᠢᠭᠡᠳ ᠯᠡ ᠡᠬᠦᠨᠴᠡ ᠬᠤᠶᠢᠰᠢ ᠤᠷᠭ᠎ᠠ ᠪᠠᠨ ᠴᠢᠷᠦᠬᠡᠳ ᠤᠷᠤᠮ ᠳᠠᠬᠢ ᠪᠤᠯᠠᠭ ᠤᠨᠳᠤᠷᠤᠨ ︽ᠬᠦᠤᠷ ᠴᠠᠭᠠᠨ ᠨᠠᠭᠤᠷ︾ ᠴᠤ ᠡᠨᠡ ᠬᠤᠳᠳᠤᠭ ᠤᠨ ᠤᠷᠤᠨ ᠲᠡᠭᠡᠷ᠎ᠡ ᠮᠡᠯᠳᠡᠭᠡᠨᠡᠨ ᠭᠠᠷᠤᠭᠰᠠᠨ ᠶᠤᠮ ᠳ᠋ᠠ ᠬᠡᠵᠦ ᠨᠤᠳᠤᠭ ᠤᠨ ᠪᠤᠭᠤᠷᠤᠯᠴᠤᠳ ᠮᠢᠨᠢ ᠲᠠᠮᠵᠢᠨ ᠶᠠᠷᠢᠭᠳᠠᠭᠰᠠᠭᠠᠷ ᠢᠷᠡᠭᠰᠡᠨ ᠨᠢ ᠡᠨᠡ ᠪᠢᠯᠡ᠃ ᠨᠦᠬᠦᠰ ᠤᠨ ᠭᠤᠤᠯ ᠪᠤᠯ ᠲᠠᠪᠰᠢᠯᠳᠠ ᠭᠠᠴᠠᠭᠠᠨ ᠤ ᠨᠤᠳᠤᠭ ᠲᠤ ᠪᠠᠶᠢᠬᠤ ᠪᠦᠬᠡᠳ ᠲᠠᠪᠰᠢᠯᠳᠠ ᠭᠠᠴᠠᠭᠠᠨ ᠤ ᠡᠮᠦᠨᠡᠬᠦᠷ ᠤᠷᠤᠰᠦᠨ ᠪᠠᠶᠢᠭ᠎ᠠ ᠶᠤᠮ᠃ ᠨᠤᠳᠤᠭ ᠤᠨ ᠮᠠᠯᠴᠢᠳ ᠠᠴᠠ ︿ᠨᠦᠬᠦᠰ ᠤᠨ ᠭᠤᠤᠯ﹀ ︿ᠬᠦᠤᠷ ᠴᠠᠭᠠᠨ ᠨᠠᠭᠤᠷ﹀᠎ ᠢ ᠪᠢᠰᠢᠷᠡᠨ ᠰᠢᠳᠦᠵᠦ ᠢᠷᠡᠭᠰᠡᠨ ᠲᠡᠤᠬᠡ ᠎ ᠲᠠᠢ᠃      ᠲᠠᠮᠠᠭᠠᠳᠤ      ᠬᠤᠩᠭᠤᠷ ᠰᠤᠮᠤᠨ ᠤ ᠱᠢᠷᠦᠴᠠᠩᠳᠦ ᠭᠠᠴᠠᠭᠠᠨ ᠤ ᠨᠤᠳᠤᠭ ᠤᠨ ᠮᠤᠷᠤᠢ ᠴᠠᠭᠠᠨ ᠤᠪᠤᠭᠠᠨ ᠎ ᠠᠴᠠ ᠵᠡᠬᠦᠨ ᠤᠷᠤᠭᠰᠢ ᠪᠠᠶᠢᠬᠤ ᠨᠢᠬᠡᠨ ᠲᠤᠮᠤ ᠪᠤᠷᠵᠢᠨ ᠦᠬᠡᠷ ᠴᠢᠯᠠᠭᠤ ᠶᠢ ᠬᠦᠮᠦᠰ ︽ᠲᠠᠮᠠᠭᠠᠳᠤ ᠬᠠᠳᠠ︾ ᠬᠡᠳᠡᠭ᠃      ᠲᠠᠮᠠᠭᠠᠳᠤ ᠬᠠᠳᠠ ᠬᠡᠰᠡᠨ ᠨᠡᠷ᠎ᠡ ᠶᠢᠨ ᠢᠷᠡᠯ ᠪᠤᠯ ᠡᠨᠡᠬᠦ ᠲᠤᠮᠤ ᠦᠬᠡᠷ ᠴᠢᠯᠠᠭᠤᠨ ᠤ ᠦᠶ᠎ᠡ ᠳᠤ ᠵᠢᠷᠤᠭᠰᠠᠨ ᠲᠤᠭᠤᠢ ᠲᠤᠭᠤᠷᠢᠭ ᠵᠢᠷᠤᠭ ᠪᠠᠶᠢᠳᠠᠭ ᠢᠶᠠᠷ ᠨᠢ ᠨᠤᠳᠤᠭ ᠤᠨ ᠬᠦᠮᠦᠰ ᠲᠠᠮᠠᠭ᠎ᠠ ᠲᠠᠢ ᠬᠠᠳᠠ ᠬᠡᠵᠦ ᠦᠵᠡᠬᠡᠳ ︽ᠲᠠᠮᠠᠭᠠᠳᠤ ᠬᠠᠳᠠ︾ ᠬᠡᠵᠦ ᠨᠡᠷᠡᠯᠡᠭᠰᠡᠨ ᠪᠠᠶᠢᠨ᠎ᠠ᠃ ᠬᠠᠭᠤᠴᠢ ᠰᠤᠳᠤᠯᠤᠭᠴᠢᠳ ᠤᠨ ᠦᠵᠡᠬᠦ ᠪᠠᠷ ᠡᠨᠡᠭᠦ ᠬᠠᠳᠠᠨ ᠤ ᠵᠢᠷᠤᠭ ᠨᠢ ᠡᠷᠳᠡᠨ ᠤ ᠬᠦᠮᠦᠨ ᠤ ᠤᠪᠤᠭ ᠲᠦᠷᠦᠯ ᠤᠨ ᠲᠠᠮᠠᠭ᠎ᠠ ᠬᠡᠳᠡᠭ ᠬᠡᠮᠡᠨ ᠦᠵᠡᠳᠡᠭ ᠪᠦᠬᠡᠳ ᠰᠢᠨ᠎ᠡ ᠴᠢᠯᠠᠭᠤᠨ ᠵᠡᠪᠰᠡᠭ ᠤᠨ ᠦᠶ᠎ᠡ ᠶᠢᠨ ᠪᠦᠳᠦᠬᠡᠯ ᠪᠤᠯᠤᠨ᠎ᠠ᠃      ᠡᠨᠡᠬᠦ ᠲᠠᠮᠠᠭᠠᠳᠤ ᠬᠠᠳᠠ ᠳᠤ ᠪᠠᠰᠠ ︽ᠶᠡᠭᠡ ᠪᠠᠭ᠎ᠠ ᠲᠠᠮᠠᠭᠠᠳᠤ ᠬᠠᠳᠠ︾ ᠬᠡᠵᠦ ᠬᠡᠯᠡᠬᠦ ᠴᠤ ᠪᠤᠢ       ᠪᠠᠭ᠎ᠠ ᠲᠠᠮᠠᠭᠠᠳᠤ ᠡᠨᠡᠬᠦ ︽ᠲᠠᠮᠠᠭᠠᠳᠤ ᠬᠠᠳᠠ︾᠎ ᠠᠴᠠ ᠤᠷᠤᠭᠰᠢ ᠭᠤᠷᠪᠠᠨ ᠵᠠᠶᠢᠳᠠᠢ ᠤᠷᠤᠰᠢᠬᠤ ᠪᠠᠰᠠ ᠨᠢᠬᠡ ᠪᠡᠰᠡᠷᠡᠭ ᠦᠬᠡᠷ ᠴᠢᠯᠠᠭᠤ ᠶᠢ ︽ᠪᠠᠭ᠎ᠠ ᠲᠠᠮᠠᠭᠠᠳᠤ ᠬᠠᠳᠠ︾ ᠬᠡᠵᠦ ᠨᠡᠷᠡᠯᠡᠳᠡᠭ᠃      ᠡᠨᠡ ᠪᠡᠰᠡᠷᠡᠭ ᠦᠬᠡᠷ ᠴᠢᠯᠠᠭᠤᠨ ᠤ ᠡᠩᠭᠡᠷ ᠲᠠᠯ᠎ᠠ ᠳᠤ ᠲᠤᠯᠤᠭᠠᠨ ᠲᠤᠭᠤᠢ ᠲᠤᠭᠤᠷᠢᠭ ᠵᠢᠷᠤᠭ ᠎ ᠲᠠᠢ ᠪᠤᠯᠬᠤᠷ ᠨᠤᠳᠤᠭ ᠤᠨ ᠬᠢᠨ ︽ᠪᠠᠭ᠎ᠠ ᠲᠠᠮᠠᠭᠠᠳᠤ ᠬᠠᠳᠠ︾ ᠬᠡᠵᠦ ᠨᠡᠷᠡᠯᠡᠭᠰᠡᠨ ᠪᠠᠶᠢᠨ᠎ᠠ᠃ ᠡᠨᠡ ᠬᠠᠳᠠᠨ ᠳᠠᠬᠢ ᠲᠤᠭᠤᠢ ᠲᠤᠭᠤᠷᠢᠭ ᠵᠢᠷᠤᠭ ᠪᠤᠯ ᠡᠷᠳᠡᠨ ᠤ ᠬᠦᠮᠦᠨ ᠤ ᠵᠢᠷᠤᠵᠦ ᠦᠯᠡᠳᠡᠭᠡᠭᠰᠡᠨ ᠤᠳᠤᠨ ᠤᠷᠤᠨ ᠤ ᠵᠢᠷᠤᠬᠠᠢ ᠶᠢᠨ ᠵᠢᠷᠤᠭ ᠲᠡᠮᠳᠡᠭ ᠬᠡᠵᠦ ᠡᠷᠳᠡᠮᠳᠡᠨ ᠰᠤᠳᠤᠯᠤᠭᠰᠠᠨ ᠴᠤ ᠪᠤᠢ᠃      ᠬᠢᠯᠦᠭᠡᠨ ᠪᠠᠭᠠᠳᠤᠷ ᠤᠨ ᠰᠤᠶᠤᠯ ᠤᠨ ᠤᠪᠤᠭ᠎ᠠ      ᠭᠢᠯᠦᠭᠡᠨ ᠪᠠᠭᠠᠳᠤᠷ ᠪᠤᠯᠪᠠᠰᠤ ᠰᠦᠨᠢᠳ ᠤᠪᠤᠭ ᠲᠠᠢ᠂ ᠴᠢᠩᠭᠢᠰ ᠬᠠᠭᠠᠨ ᠤ ᠮᠤᠩᠭᠤᠯ ᠬᠠᠭᠠᠨᠳᠤ ᠲᠦᠷᠦ ᠶᠢᠨ ᠦᠶ᠎ᠡ ᠶᠢᠨ ᠰᠦᠨᠢᠳ ᠠᠶᠢᠮᠠᠭ ᠤᠨ ᠠᠬᠠᠯᠠᠭᠴᠢ᠂ ᠮᠤᠩᠭᠤᠯ ᠤᠨ ᠲᠤᠯᠭᠠᠭᠤᠷ ᠲᠦᠷᠦ ᠶᠢᠨ ᠶᠡᠭᠡ ᠦᠢᠯᠡ ᠶᠢ ᠬᠤᠶᠡᠷ ᠮᠦᠷᠦᠨ ᠲᠡᠬᠡᠷ᠎ᠡ ᠪᠠᠨ ᠡᠭᠦᠷᠴᠦ ᠶᠠᠪᠤᠭᠰᠠᠨ ᠴᠢᠩᠭᠢᠰ ᠬᠠᠭᠠᠨ ᠤ ᠪᠢᠴᠢᠭ ᠴᠡᠷᠢᠭ ᠡᠷᠳᠡᠮ ᠬᠤᠤᠰᠯᠠᠭᠰᠠᠨ ᠶᠡᠭᠡ ᠰᠠᠶᠢᠳ ᠲᠦᠰᠢᠮᠡᠯ ᠤᠨ ᠨᠢᠭᠡ ᠨᠢ ᠪᠠᠶᠢᠵᠤ᠂ ᠡᠵᠡᠨ ᠴᠢᠩᠭᠢᠰ ᠢ ᠰᠠᠯᠤᠯ ᠦᠭᠡᠢ ᠲᠠᠭᠠᠵᠤ᠂ ᠲᠦᠷᠦ ᠬᠦᠷᠦᠨ ᠤ ᠪᠠᠨ ᠲᠦᠯᠦᠭᠡ 《 ᠤᠮᠡᠷᠳᠠᠭᠰᠠᠨ ᠢ ᠨᠢ ᠰᠠᠨᠠᠭᠤᠯᠠᠵᠤ᠂ ᠤᠨᠳᠠᠷᠠᠭᠰᠠᠨ ᠢ ᠨᠢ ᠰᠠᠯᠪᠡᠵᠦ 》 ᠴᠢᠳᠠᠳᠠᠭ ᠰᠢᠳᠤᠷᠭᠤ ᠰᠠᠶᠢᠳ᠂ 《 ᠬᠠᠳᠬᠤᠯᠳᠤᠬᠤ ᠵᠢᠳᠠᠨ ᠤ ᠬᠤᠷᠴᠠ ᠨᠢ ᠪᠤᠯᠵᠤ ᠬᠠᠷᠪᠤᠬᠤ ᠰᠤᠮᠤᠨ ᠤ ᠦᠵᠦᠭᠦᠷ ᠨᠢ ᠪᠤᠯᠵᠤ 》 ᠶᠡᠪᠤᠭᠰᠠᠨ ᠦᠷᠯᠦᠭ ᠵᠠᠩᠵᠤᠨ᠂ ᠡᠵᠡᠨ ᠴᠢᠩᠭᠡᠰ ᠤᠨ ᠠᠯᠳᠠᠨ ᠱᠠᠷᠠᠯ ᠤᠨ ᠲᠡᠷᠭᠡ ᠰᠠᠭᠠᠳᠤᠯ ᠳᠤ ᠤᠴᠠᠷᠠᠬᠤ ᠳᠤ ᠰᠢᠯᠦᠭ ᠤᠶᠠᠩᠭᠠᠯᠠᠨ ᠭᠡᠭᠡᠨ ᠰᠦᠨᠡᠰᠦ ᠶᠢ ᠨᠢ ᠲᠠᠶᠢᠳᠬᠠᠷᠠᠭᠤᠯᠤᠨ ᠲᠠᠭᠤᠳᠠᠵᠤ ᠴᠢᠳᠠᠳᠠᠭ ᠶᠡᠭᠡ ᠢᠷᠠᠭᠤ ᠨᠠᠶᠢᠷᠠᠭᠴᠢ ᠪᠠᠶᠢᠭᠰᠠᠨ ᠠᠴᠠ ᠬᠢᠯᠦᠭᠡᠨ ᠪᠠᠭᠠᠳᠤᠷ ᠤᠨ ᠦᠷᠯᠦᠭ ᠭᠠᠪᠢᠶ᠎ᠠ᠂ ᠦᠯᠡᠮᠵᠢ ᠵᠢᠳᠬᠦᠯ᠂ ᠮᠤᠩᠭᠤᠯ ᠤᠨ ᠲᠡᠤᠬᠡ ᠰᠤᠶᠤᠯ ᠤᠨ ᠲᠤᠷᠭᠠᠨ ᠬᠦᠷᠦᠰᠦᠨ ᠳᠤ ᠰᠦᠡᠲᠡᠷᠯᠡᠡ ᠰᠡᠬᠦᠶᠢᠭᠰᠠᠨ ᠰᠤᠶᠤᠯ ᠤᠨ ᠨᠢᠭᠡᠨ ᠤᠪᠤᠭ᠎ᠠ ᠪᠤᠯᠬᠤ ᠤᠴᠢᠷᠳᠠᠢ᠃      ᠪᠦᠭᠦ ᠤᠷᠤᠡ ᠤ ᠰᠤᠶᠤᠯ ᠤᠨ ᠲᠤᠮᠤ ᠤᠷᠤᠡ ᠢ ᠪᠦᠲᠤᠭᠡᠡ ᠪᠠᠶᠢᠭᠤᠯᠬᠤ ᠤᠷᠢᠶᠠᠯᠭ᠎ᠠ ᠪᠠᠷ ᠰᠦᠨᠢᠦᠡ ᠵᠡᠭᠦᠡ ᠬᠤᠰᠢᠭᠤᠡ ᠤ ᠨᠠᠮ ᠤᠨ ᠬᠤᠷᠢᠶ᠎ᠠ᠂ ᠵᠠᠰᠠᠭ ᠤᠨ ᠤᠷᠲᠦᠡ ᠠᠴᠠ ᠲᠤᠠᠠᠲᠠᠭᠠᠠᠠᠰᠡᠡ ᠭᠢᠯᠦᠭᠡᠡ ᠪᠠᠭᠠᠲᠤᠷ ᠤᠨ ᠰᠤᠶᠤᠯ ᠢᠶᠠᠷ ᠲᠤᠭ ᠲᠡᠮᠲᠡᠭ ᠪᠤᠯᠭᠠᠠᠠᠰᠡᠡ ᠰᠤᠶᠤᠯ ᠤᠨ ᠲᠤᠮᠤ ᠬᠤᠰᠢᠭᠤ ᠶᠢ ᠪᠦᠲᠤᠭᠡᠡ ᠪᠠᠶᠢᠭᠤᠯᠬᠤ ᠰᠢᠢᠦᠡᠪᠤᠷᠢᠲᠤ ᠪᠤᠲᠤᠯᠭ᠎ᠠ ᠶᠢᠨ ᠴᠢᠭᠯᠡᠯᠲᠡ ᠪᠠᠷ ᠬᠤᠲᠡ ᠶᠢᠨ ᠪᠦᠲᠤᠭᠡᠡ ᠪᠠᠶᠢᠭᠤᠯᠤᠯᠲᠡ ᠶᠢᠨ ᠶᠡᠷᠦᠩᠭᠡᠢ ᠲᠦᠰᠦᠪᠵᠢᠭᠦᠯᠦᠯᠲᠡ ᠳᠤ ᠤᠷᠤᠭᠤᠯᠵᠦ᠂ ᠰᠦᠨᠢᠦᠡ ᠠᠭᠤᠲᠡᠮ ᠲᠠᠯᠠᠪᠠᠢ᠂ ᠰᠦᠨᠢᠦᠡ ᠮᠦᠸᠧᠽᠢ᠂ ᠰᠦᠨᠢᠦᠡ ᠢᠲᠡᠭᠡᠡ ᠤᠮᠲᠠᠭᠠᠠ ᠤ ᠰᠤᠶᠤᠯ ᠵᠤᠭᠠᠴᠠᠯ ᠤᠨ ᠭᠦᠷᠢᠶᠡᠯᠡᠩ᠂ ᠴᠠᠭᠠᠠ ᠭᠡᠭᠡᠡ ᠤ ᠲᠤᠷᠠᠰᠬᠠᠯ ᠤᠨ ᠤᠷᠲᠦᠡ᠂ ᠨᠠᠭᠠᠲᠤᠮ ᠤᠨ ᠶᠡᠭᠡ ᠬᠤᠷᠠᠯ ᠤᠨ ᠲᠠᠯᠠᠪᠠᠢ ᠵᠠᠷᠭᠡ ᠪᠦᠲᠤᠭᠡᠡ ᠪᠠᠶᠢᠭᠤᠯᠤᠯᠲᠡ ᠲᠠᠢ ᠨᠢᠭᠡ ᠪᠦᠭᠦᠯᠢ ᠴᠤᠠᠠᠴᠡ ᠪᠤᠯᠭᠠᠵᠦ᠂ ᠮᠤᠩᠭᠤᠯ ᠦᠠᠲᠤᠰᠤᠲᠡᠡ ᠤ ᠤᠯᠠᠮᠵᠢᠯᠠᠯᠲᠤ ᠰᠤᠶᠤᠯ ᠤᠨ ᠨᠢᠭᠡ ᠪᠤᠯᠬᠤ ᠤᠪᠤᠭᠠᠠ ᠰᠤᠶᠤᠯ ᠢ ᠳᠡᠭᠡᠳᠦᠯᠡᠵᠦ᠂ ᠬᠤᠲᠡ ᠪᠠᠯᠭᠠᠰᠤᠡ ᠤ ᠦᠡᠭᠭᠡ ᠦᠵᠠᠮᠵᠢ ᠶᠢ ᠪᠦᠷᠢᠠᠰᠢᠭᠦᠯᠭᠦ ᠪᠠ ᠵᠤᠭᠠᠴᠠᠯ ᠤᠨ ᠤᠶᠢᠯᠠᠰ ᠢ ᠭᠦᠭᠵᠢᠭᠦᠯᠭᠦ ᠲᠠᠢ ᠤᠶᠠᠯᠲᠤᠭᠤᠯᠵᠦ᠂ ᠭᠢᠯᠦᠭᠡᠡ ᠪᠠᠭᠠᠲᠤᠷ ᠤᠨ ᠰᠤᠶᠤᠯ ᠤᠨ ᠤᠪᠤᠭ᠎ᠠ ᠶᠢ ᠰᠢᠨ᠎ᠠ ᠪᠠᠷ ᠪᠠᠶᠢᠭᠤᠯᠬᠤ ᠎ ᠪᠠᠷ ᠲᠤᠭᠳᠠᠵᠠᠢ᠃      ᠤᠪᠤᠭᠠᠠ ᠰᠤᠶᠤᠯ ᠨᠢ ᠲᠤᠮᠲᠠᠲᠤ ᠤᠯᠤᠰ ᠤᠨ ᠪᠤᠲᠠᠰ ᠤᠨ ᠪᠤᠰᠤ ᠰᠤᠶᠤᠯ ᠤᠨ ᠦᠪ ᠤᠨ ᠨᠢᠭᠡ ᠪᠤᠯᠤᠠᠠᠰᠡᠡ ᠤ ᠬᠤᠪᠢ ᠳᠤ ᠨᠠᠶᠢᠲᠡ ᠮᠤᠩᠭᠤᠯᠴᠦᠦᠡ ᠤᠨ ᠦᠪᠠᠷ ᠤᠨ ᠦᠰᠴᠤ ᠲᠦᠷᠦᠭᠰᠡᠡ ᠨᠤᠲᠤᠭ ᠤᠰᠤ ᠪᠠᠨ ᠭᠦᠠᠲᠤᠯᠡᠡ ᠳᠡᠭᠡᠳᠤᠯᠡᠵᠦ᠂ ᠠᠮᠢ ᠠᠬᠤᠢ ᠪᠠᠨ ᠬᠠᠮᠠᠭᠠᠯᠠᠬᠤ ᠡᠭᠦᠲᠡᠡ ᠠᠴᠠ ᠨᠤᠲᠤᠭ ᠤᠰᠤ ᠪᠠᠨ ᠪᠦᠷᠢᠡ ᠪᠦᠲᠤᠡ᠂ ᠬᠤᠷ᠎ᠠ ᠪᠤᠷᠤᠭᠠᠠ ᠡᠯᠪᠡᠭ ᠲᠡᠯᠪᠡᠭ᠂ ᠦᠡᠭᠭᠢᠶᠡᠮᠤᠷ ᠪᠡᠶᠡᠡ ᠡᠭᠡ ᠪᠠᠶᠢᠭᠠᠯᠢ ᠶᠢᠨ ᠢᠶᠠᠨ ᠦᠨᠢ ᠡᠭᠦᠷᠢᠲᠡ ᠪᠠᠶᠡᠡ ᠲᠡᠩᠰᠤᠭ ᠪᠠᠶᠢᠬᠤ ᠶᠢ ᠪᠡᠯᠭᠡᠭᠲᠡᠭᠰᠡᠡ ᠤᠯᠠᠮᠵᠢᠯᠠᠯᠲᠤ ᠰᠤᠶᠤᠯ ᠤᠨ ᠨᠢᠭᠡ ᠪᠤᠯᠬᠤ ᠶᠤᠮ᠃      ᠡᠶᠢᠮᠤ ᠠᠴᠠ ᠪᠢᠲᠡ ᠤᠪᠤᠭᠠᠠ ᠲᠠᠭᠢᠯᠭ᠎ᠠ ᠶᠢᠨ ᠰᠤᠶᠤᠯ ᠢ ᠭᠢᠯᠦᠭᠡᠡ ᠪᠠᠭᠠᠲᠤᠷ ᠤᠨ ᠰᠤᠶᠤᠯ ᠲᠠᠢ ᠤᠷᠭᠠᠨᠢᠭ ᠢᠶᠠᠷ ᠤᠶᠠᠯᠲᠤᠭᠤᠯᠵᠦ᠂ ᠭᠢᠯᠦᠭᠡᠡ ᠪᠠᠭᠠᠲᠤᠷ ᠤᠨ ᠰᠤᠶᠤᠯ ᠢ ᠨᠢᠭᠡ ᠪᠦᠷᠢᠡ ᠪᠦᠲᠤᠡ ᠰᠤᠶᠤᠯ ᠪᠤᠯᠭᠠᠠ ᠵᠠᠯᠭᠠᠮᠵᠢᠯᠡᠡ ᠭᠦᠭᠵᠢᠭᠦᠯᠭᠦ ᠶᠢᠨ ᠲᠤᠰᠡᠲᠡ ᠰᠢᠨ᠎ᠠ ᠪᠠᠷ ᠪᠠᠶᠢᠭᠤᠯᠤᠠᠠᠰᠡᠡ ᠤᠪᠤᠭᠠᠠ ᠳᠠᠭᠠᠨ ︽ᠭᠢᠯᠦᠭᠡᠡ ᠪᠠᠭᠠᠲᠤᠷ ᠎ ᠤᠨ ᠰᠤᠶᠤᠯ ᠤᠨ ᠤᠪᠤᠭ᠎ᠠ︾ ᠭᠡᠰᠡᠡ ᠰᠢᠨ᠎ᠡ ᠨᠡᠷ᠎ᠡ ᠬᠠᠶᠢᠷᠠᠯᠠᠵᠤ᠂ ᠮᠠᠠ ᠤ ᠬᠤᠰᠢᠭᠤᠡ ᠤ ᠭᠡᠪᠴᠢᠶᠡᠡ ᠳᠠᠬᠢ ᠲᠡᠦᠭᠡ ᠠᠴᠠ ᠪᠠᠨ ᠳᠡᠭᠡᠳᠦᠯᠡᠵᠦ ᠲᠠᠭᠢᠵᠤ ᠪᠠᠶᠢᠠᠠᠰᠡᠡ ᠠᠷᠪᠡᠡ ᠭᠤᠷᠪᠡᠡ ᠴᠠᠭᠠᠠ ᠤᠪᠤᠭ᠎ᠠ ᠶᠢ ᠪᠡᠯᠡᠭᠡᠳᠡᠨ ᠲᠤᠷᠠᠰᠬᠠᠵᠦ᠂ ᠮᠤᠩᠭᠤᠯᠴᠤᠤᠡ ᠤᠨ ᠴᠠᠭᠠᠠ ᠦᠡᠭᠭᠡ ᠶᠢ ᠪᠡᠯᠭᠡᠰᠢᠶᠡᠡ ᠳᠡᠭᠡᠳᠦᠯᠡᠳᠡᠭ ᠶᠤᠰᠤ ᠤᠶᠢᠯᠡ ᠳᠤ ᠮᠦᠷᠳᠡᠵᠦ᠂ ᠴᠤᠯ ᠪᠠᠶᠢᠭᠠᠯᠢᠭ ᠦᠭᠡᠭᠦᠡ ᠴᠠᠭᠠᠠ ᠴᠢᠯᠠᠭᠤ ᠶᠢ ᠪᠠᠶᠢᠭᠠᠯᠢᠭ ᠭᠡᠪ ᠨᠡᠮᠪᠡ ᠪᠠᠷ ᠨᠢ ᠵᠢᠷᠭᠡᠯᠡᠵᠦ᠂ ᠠᠷᠪᠡᠡ ᠭᠤᠷᠪᠡᠡ ᠴᠠᠭᠠᠠ ᠤᠪᠤᠭ᠎ᠠ ᠪᠠᠶᠢᠭᠤᠯᠵᠦ᠂ ᠪᠦᠭᠦ ᠬᠤᠰᠢᠭᠤᠡ ᠤ ᠦᠠᠲᠤᠰᠤᠲᠡᠡ ᠨᠦᠬᠦᠳ ᠤᠨ ᠠᠷᠡᠦᠡ ᠲᠦᠮᠡᠡ ᠤ ᠰᠢᠲᠤᠭᠡᠡ ᠲᠠᠭᠢᠬᠤ ᠤᠪᠤᠭ᠎ᠠ ᠪᠤᠯᠭᠠᠠ ᠪᠦᠲᠤᠭᠡᠡ ᠪᠠᠶᠢᠭᠤᠯᠬᠤ ᠶᠢ ᠵᠤᠷᠢᠪᠠᠢ᠃      ᠭᠢᠯᠦᠭᠡᠡ ᠪᠠᠭᠠᠲᠤᠷ ᠤᠨ ᠰᠤᠶᠤᠯ ᠤᠨ ᠤᠪᠤᠭ᠎ᠠ ᠶᠢ 2008 ᠤᠡ ᠤ 8 ᠰᠠᠷ᠎ᠠ ᠶᠢᠨ 8᠎ ᠤ ᠡᠲᠤᠷ᠂ ᠤᠯᠢᠮᠫᠢᠺ ᠪᠡᠭᠡᠵᠢᠩ ᠳᠤ ᠡᠭᠢᠯᠡᠭᠰᠡᠡ ᠦᠯᠵᠠᠶᠢᠲᠤ ᠡᠲᠤᠷ ᠢ ᠰᠤᠩᠭᠤᠵᠦ ᠰᠠᠭᠤᠷᠢ ᠲᠠᠯᠪᠢᠬᠤ ᠶᠤᠰᠤᠯᠠᠯ ᠶᠠᠪᠤᠭᠤᠯᠵᠦ᠂ 8 ᠰᠠᠷ᠎ᠠ ᠶᠢᠨ 13᠎ ᠳᠤ ᠲᠤᠰᠬᠠᠢ ᠭᠦᠮᠤᠠ ᠲᠤᠮᠢᠯᠠᠵᠦ᠂ ᠭᠦᠭᠡᠨᠠᠭᠤᠷ ᠮᠤᠵᠢ ᠶᠢᠨ ᠭᠦᠮᠪᠤᠡ ᠭᠡᠶᠢᠦᠡ ᠎ ᠠᠴᠠ ᠱᠦᠡᠭ ᠵᠠᠯᠠᠵᠦ᠂ 8 ᠰᠠᠷ᠎ᠠ ᠶᠢᠨ 31᠎ ᠤ ᠡᠲᠤᠷ ᠰᠡᠩ ᠲᠠᠯᠪᠢᠵᠦ᠂ ᠨᠤᠮ ᠤᠡᠭᠰᠢᠭᠤᠯᠤᠡ ᠱᠦᠡᠭ ᠲᠠᠷᠤᠵᠦ᠂ 2009 ᠤᠠ ᠤ 1 ᠰᠠᠷ᠎ᠠ ᠶᠢᠨ 7᠎ ᠤ ᠡᠲᠤᠷ ᠪᠡᠭᠡᠵᠢᠩ ᠤᠨ ᠨᠠᠶᠢᠷᠠᠯᠲᠤ ᠨᠠᠶᠢᠷᠠᠮᠲᠠᠭᠤ ᠰᠦᠮ᠎ᠠ ︵ᠶᠦᠩ ᠾᠧ ᠭᠦᠡᠭ ᠭᠡᠶᠢᠦᠡ︶᠎ ᠳᠤ ᠭᠦᠷᠴᠤ᠂ ᠤᠪᠤᠭ᠎ᠠ ᠲᠠᠭᠢᠬᠤ ᠡᠲᠤᠷ ᠲᠤᠠᠠᠲᠠᠭᠠᠯᠭᠠᠬᠤ ᠵᠠᠷᠭᠡ ᠤᠯᠠᠮᠵᠢᠯᠠᠯᠲᠤ ᠤᠶᠢᠯᠠ ᠶᠤᠰᠤ ᠎ ᠢ ᠶᠤᠰᠤᠴᠢᠯᠡᠡ ᠭᠦᠢᠴᠡᠦᠡᠭᠡᠵᠦ᠂ 2009 ᠤᠠ ᠤ 7 ᠰᠠᠷ᠎ᠠ ᠶᠢᠨ 15᠎ ᠳᠤ ᠪᠦᠲᠤᠭᠡᠡ ᠪᠠᠶᠢᠭᠤᠯᠤᠯᠲᠡ ᠶᠢᠨ ᠪᠦᠭᠦ ᠠᠵᠢᠯ ᠢ ᠲᠠᠭᠤᠰᠬᠠᠵᠦ᠂ ᠵᠢᠯ ᠪᠦᠷᠢ ᠶᠢᠨ ᠪᠢᠯᠢᠭ ᠤᠨ ᠤᠯᠠᠷᠢᠯ ᠤᠨ ᠵᠢᠷᠭᠤᠭᠠᠠ ᠰᠠᠷ᠎ᠠ ᠶᠢᠨ ᠠᠷᠪᠡᠡ ᠭᠤᠷᠪᠡᠡ ᠤ ᠡᠲᠤᠷ᠂ ᠪᠦᠭᠦ ᠬᠤᠰᠢᠭᠤᠡ ᠤ ᠭᠡᠪᠴᠢᠶᠡᠡ ᠳᠤ ᠤᠯᠠᠮᠵᠢᠯᠠᠯᠲᠤ ᠠᠷᠭ᠎ᠠ ᠪᠠᠷ ᠤᠪᠤᠭᠠᠠ ᠲᠠᠭᠢᠯᠭ᠎ᠠ ᠶᠢᠨ ᠠᠵᠢᠯᠯᠠᠭ᠎ᠠ ᠦᠷᠨᠢᠭᠦᠯᠵᠦ᠂ ᠤᠪᠤᠭᠠᠠ ᠨᠠᠶᠢᠷ ᠵᠤᠭᠢᠶᠠᠠ ᠪᠠᠶᠢᠭᠤᠯᠵᠦ᠂ ᠪᠦᠭᠦ ᠬᠤᠰᠢᠭᠤᠡ ᠤ ᠰᠤᠶᠤᠯ ᠲᠠᠮᠢᠷ ᠤᠨ ᠤᠶᠢᠯᠠᠰ ᠲᠤ ᠰᠢᠨ᠎ᠠ ᠨᠢᠭᠡᠡ ᠬᠠᠭᠤᠲᠠᠰᠤ ᠨᠡᠮᠡᠷᠢᠯᠡᠭᠦ ᠪᠠᠷ ᠪᠤᠯᠪᠠ᠃      ᠭᠢᠯᠦᠭᠡᠡ ᠪᠠᠭᠠᠲᠤᠷ ᠤᠨ ᠰᠤᠶᠤᠯ ᠤᠨ ᠤᠪᠤᠭ᠎ᠠ ᠶᠢ ᠪᠦᠲᠤᠭᠡᠡ ᠪᠠᠶᠢᠭᠤᠯᠬᠤ ᠪᠦᠭᠦ ᠶᠡᠪᠤᠴᠡ ᠳᠤ ᠬᠤᠰᠢᠭᠤ ᠤᠯᠤᠰ ᠲᠦᠷᠤ ᠶᠢᠨ ᠵᠦᠪᠯᠡᠯᠭᠡᠨ ᠭᠤᠤᠯᠴᠢᠯᠡᠡ ᠬᠠᠷᠢᠭᠤᠴᠠᠵᠦ᠂ ᠡᠾᠦ᠋ᠢ ᠶᠤᠸᠡᠡ ᠨᠧᠺᠡᠯ ᠤᠨ ᠠᠭᠤᠷᠬᠠᠢ ᠎ ᠶᠢᠨ ᠡᠵᠡᠡᠲᠡᠡ ᠼᠤᠤ ᠬᠠᠢ ᠾᠧ ᠠᠪᠤᠭᠠᠢ 200 ᠭᠠᠷᠤᠢ ᠲᠦᠮᠡᠡ ᠲᠦᠭᠦᠷᠢᠭ ᠢᠪᠡᠭᠡᠨ ᠲᠡᠳᠬᠦᠵᠦ᠂ ᠭᠦᠸᠧ ᠰᠢᠨ ᠪᠠᠷᠢᠯᠭ᠎ᠠ ᠶᠢᠨ ᠺᠤᠮᠫᠠᠨᠢ ᠲᠠᠭᠠᠭᠠᠴᠢᠯᠠᠠ ᠪᠦᠲᠤᠭᠡᠡ ᠪᠠᠶᠢᠭᠤᠯᠵᠦ᠂ ᠮᠠᠠᠲᠠᠯᠲᠤ ᠪᠠᠯᠭᠠᠰᠤ᠂ ᠰᠠᠶᠢᠬᠠᠠᠭᠤᠪᠢ ᠰᠤᠮᠤ ᠵᠢᠴᠢ ᠭᠡᠰᠡᠭ ᠮᠠᠯᠴᠢᠦᠡ ᠬᠠᠯᠠᠭᠤᠡ ᠭᠠᠷ ᠢᠶᠠᠨ ᠰᠤᠩᠭᠤᠡ ᠨᠠᠮᠠᠷᠢ ᠬᠠᠨᠲᠢᠪ ᠦᠵᠡᠭᠦᠯᠦᠭᠰᠡᠡ ᠪᠠᠶᠢᠨ᠎ᠠ᠃       ᠬᠦᠴᠦᠳᠤ ᠪᠠᠭᠠᠳᠤᠷ ᠬᠢᠯᠦᠭᠡᠨ ᠰᠤᠶᠤᠯ ᠤᠨ ᠤᠪᠤᠭ᠎ᠠ ᠮᠢᠨᠢ      ᠬᠦᠮᠦᠨ ᠵᠤᠨ ᠤ ᠬᠡᠶᠢᠮᠤᠷᠢ ᠰᠦᠯᠳᠡ ᠶᠢ ᠳᠠᠯᠯᠠᠵᠤ      ᠬᠦᠬᠡ ᠲᠡᠭᠷᠢ ᠶᠢᠨ ᠠᠯᠳᠠᠨ ᠨᠠᠷᠠᠨ ᠳᠤ ᠢᠪᠡᠭᠡᠭᠳᠡᠨ      ᠬᠦᠷᠦᠰᠦᠳᠦ ᠲᠡᠯᠡᠬᠡᠢ ᠶᠢᠨ ᠲᠤᠯᠠᠭᠠᠨ ᠡᠯᠢᠭᠡᠨ ᠳᠤ ᠰᠦᠨᠳᠡᠷᠯᠡᠨ᠎ᠡ᠃ 
 
ᠢᠷᠡᠯᠲᠡ᠄ ᠲᠣᠰ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号