ᠬᠠᠯᠠᠭᠤᠨ ᠬᠠᠯᠠᠮᠵᠢ ᠲᠣᠯᠠᠭᠠᠨ ᠵᠣᠭᠤᠭ
ᠨᠡᠶᠢᠲᠡᠯᠡᠭᠰᠡᠨ ᠴᠠᠭ᠄
2012/2/16
       ᠬᠠᠯᠠᠭᠤᠨ ᠬᠠᠯᠠᠮᠵᠢ ᠲᠣᠯᠠᠭᠠᠨ ᠵᠣᠭᠤᠭ                                                                                                                                   ——  ᠪᠠᠶᠢᠴᠠᠭᠠᠬᠤ ᠬᠤᠷᠢᠶ᠎ᠡ ᠭᠡᠷᠡᠭ ᠢ  ᠭᠤᠣᠯᠴᠢ ᠰᠢᠢᠳᠪᠦᠷᠢᠯᠡᠭᠦ                   ᠪᠠᠷ ᠪᠠᠷᠠᠬᠤ ᠦᠭᠡᠢ ᠪᠡᠰᠡ ᠭᠦᠴᠢᠷᠳᠡᠯ ᠢ  ᠲᠡᠮᠵᠢᠨ᠎ᠡ                                                          2012 ᠣᠨ ᠤ  ᠴᠠᠭᠠᠨ ᠰᠠᠷ᠎ᠡ   ᠶᠢᠨ ᠠᠷᠪᠡᠨ ᠵᠢᠷᠭᠤᠭᠠᠨ ᠳᠤ  ᠂  ᠰᠦᠨᠢᠳ ᠵᠡᠭᠦᠨ ᠬᠤᠰᠢᠭᠤᠨ ᠤ  ᠠᠷᠠᠳ ᠤᠨ  ᠪᠠᠶᠢᠴᠠᠭᠠᠬᠤ ᠬᠤᠷᠢᠶᠡᠨ ᠤ  ᠭᠤᠮᠣᠳᠡᠯ ᠵᠠᠭᠠᠯᠳᠣᠯᠭ᠎ᠠ ᠶᠢ  ᠭᠦᠯᠢᠶᠡᠨ ᠠᠪᠬᠤ ᠲᠠᠰᠤᠭ ᠲᠤ   ᠨᠢᠭᠡ ᠦᠨᠦᠴᠢᠨ᠂  ᠨᠢᠭᠡ ᠪᠡᠯᠪᠡᠰᠦᠨ ᠬᠤᠶᠠᠷ ᠣᠨᠴᠠ ︽ᠭᠡᠶᠢᠴᠢᠨ︾  ᠭᠤᠶᠣᠴᠢᠯᠡᠯ ᠲᠡᠪᠰᠢᠭᠦᠯᠭᠦ ᠪᠠᠷ ᠢᠷᠡᠭᠰᠡᠨ ᠨᠢ ᠭᠦᠯᠢᠶᠡᠨ ᠠᠪᠴᠦ ᠠᠭᠤᠯᠵᠠᠭᠰᠠᠨ ᠪᠠᠶᠢᠴᠠᠭᠠᠭᠴᠢ ᠶᠢᠨ  ᠠᠩᠬᠠᠷᠣᠯ ᠢ  ᠲᠠᠳᠠᠭᠰᠠᠨ ᠪᠠᠶᠢᠵᠠᠢ᠃  ᠣᠣᠯ ᠨᠢ ᠡᠨᠡ  ᠬᠤᠶᠠᠷ ᠭᠦᠮᠦᠨ ᠪᠣᠯ ᠨᠢᠭᠡᠨ ᠵᠠᠮ ᠬᠠᠷᠢᠯᠴᠠᠭᠠᠨ ᠤ  ᠭᠡᠨᠡᠳᠡᠯ ᠤᠨ  ᠭᠡᠷᠡᠭ ᠤᠨ  ᠬᠤᠣᠷ ᠠᠮᠰᠠᠭᠴᠢ ᠪᠠᠶᠢᠵᠦ᠂  ᠠᠳᠠᠯᠢᠬᠠᠨ ᠵᠠᠶᠠᠭ᠎ᠠ ᠲᠠᠢ ᠭᠦᠭᠡᠷᠦᠭᠦᠶᠢᠯᠡᠯᠳᠡᠢ ᠭᠦᠮᠦᠰ  ᠶᠣᠮ᠃  ᠯᠦᠸᠧ×× ᠶᠢᠨ ᠠᠪᠤ ᠪᠣᠯᠣᠨ ᠭᠤᠣ ××  ᠶᠢᠨ  ᠡᠷ᠎ᠡ ᠨᠦᠭᠦᠷ ᠨᠢ ᠪᠦᠷ ᠨᠢᠭᠡᠨ ᠣᠳᠠᠭᠠᠨ ᠤ  ᠵᠠᠮ ᠬᠠᠷᠢᠯᠴᠠᠭᠠᠨ ᠤ  ᠠᠳᠡᠯ ᠤᠨ  ᠲᠣᠮᠳᠡ ᠵᠣᠯ ᠪᠣᠰᠣ ᠪᠠᠷ  ᠠᠳᠡᠵᠦ᠂  ᠡᠨᠡᠭᠦ ᠠᠷᠠᠢ ᠴᠢᠷᠠᠶᠢᠬᠠᠨ ᠠᠮᠢ ᠵᠢᠭᠤᠵᠦ ᠪᠠᠶᠢᠭᠰᠠᠨ ᠬᠤᠶᠠᠷ ᠭᠡᠷ ᠪᠦᠯᠢ ᠨᠢ ᠭᠤᠣᠯᠯᠠᠭᠴᠢ ᠭᠦᠴᠦᠨ  ᠢᠶᠠᠨ  ᠠᠯᠳᠠᠵᠦ᠂  ᠠᠮᠢᠳᠣᠷᠠᠯ ᠨᠢ ᠭᠦᠴᠢᠷᠳᠡᠯ ᠳᠤ  ᠣᠴᠠᠷᠠᠵᠠᠢ᠃  ᠠᠪᠤ ᠪᠠᠨ ᠠᠯᠳᠠᠭᠰᠠᠨ ᠯᠦᠸᠧ×× ᠨᠢ ᠨᠠᠰᠦᠨ ᠳᠤ ᠴᠣ᠋ ᠭᠦᠷᠦᠭᠡ ᠦᠭᠡᠢ ᠪᠠᠭᠠᠴᠣᠣᠯ ᠪᠠᠶᠢᠵᠦ᠂  ᠲᠡᠭᠦᠨ ᠤ  ᠡᠵᠢ ᠨᠢ ᠴᠣ᠋ ᠣᠬᠠᠭᠠᠨ ᠰᠠᠨᠠᠭ᠎ᠠ ᠪᠠᠯᠠᠷᠬᠠᠢ ᠮᠡᠳᠡᠷᠡᠯ ᠤᠨ  ᠡᠪᠡᠳᠴᠢᠳᠡᠨ ᠪᠠᠶᠢᠵᠦ᠂   ᠭᠡᠷ ᠤᠨ  ᠠᠮᠢᠳᠣᠷᠠᠯ ᠨᠢ ᠣᠨᠴᠠ ᠭᠦᠴᠢᠷᠳᠡᠯᠳᠡᠢ᠃  ᠭᠤᠣ×× ᠶᠢᠨ  ᠡᠷ᠎ᠡ ᠨᠦᠭᠦᠷ ᠨᠢ  ᠠᠳᠡᠭᠰᠡᠨ   ᠠᠴᠠ  ᠨᠠᠰᠢ᠂  ᠲᠡᠳᠡᠨᠡᠶᠢᠭᠢ ᠶᠠᠮᠠᠷᠴᠦ ᠠᠵᠦ ᠠᠬᠤᠢ ᠶᠢᠨ  ᠣᠷᠣᠯᠭ᠎ᠠ ᠭᠡᠵᠦ ᠪᠠᠶᠢᠬᠤ ᠦᠭᠡᠢ ᠪᠣᠯᠵᠦ᠂  ᠬᠤᠶᠠᠷ ᠨᠠᠰᠦᠳᠡᠨ ᠢᠶᠠᠨ  ᠠᠰᠠᠷᠠᠨ ᠬᠠᠷᠠᠭᠠᠯᠵᠠᠵᠦ᠂  ᠦᠰᠪᠦᠷᠢ ᠶᠢᠨ  ᠭᠡᠦᠭᠡᠳ ᠢᠶᠠᠨ  ᠰᠣᠷᠭᠠᠭᠤᠯᠢ ᠳᠤ ᠰᠠᠭᠤᠯᠭᠠᠬᠤ ᠠᠯᠢᠪᠡ ᠭᠦᠨᠳᠦ ᠡᠭᠦᠷᠭᠡ ᠨᠢ ᠲᠡᠭᠦᠨ   ᠤ  ᠮᠦᠷᠦᠨ ᠳᠤ  ᠲᠣᠯᠭᠠᠷᠠᠵᠦ᠂  ᠮᠣᠬᠤᠷᠳᠡᠨ ᠭᠠᠴᠢᠭᠳᠡᠵᠡᠢ᠃  ᠲᠡᠭᠡᠭᠡᠳ ᠦᠨᠦᠴᠢᠨ ᠪᠡᠯᠪᠡᠰᠦᠨ ᠬᠤᠶᠠᠷ ᠭᠦᠭᠡᠷᠦᠭᠦᠶᠢᠯᠡᠯᠳᠡᠨ ᠨᠢ ᠪᠠᠶᠢᠴᠠᠭᠠᠬᠤ ᠬᠤᠷᠢᠶᠡᠨ ᠳᠤ  ᠪᠠᠶᠢᠳᠡᠯ ᠢᠶᠠᠨ  ᠲᠣᠰᠬᠠᠵᠦ᠂  ᠲᠡᠮᠵᠢᠯᠭᠡ ᠭᠤᠶᠣᠴᠢᠯᠠᠬᠤ ᠪᠠᠷ ᠢᠷᠡᠭᠰᠡᠨ ᠨᠢ ᠡᠨᠡ  ᠪᠠᠶᠢᠵᠠᠢ᠃  ᠲᠣᠰ ᠬᠤᠷᠢᠶ᠎ᠡ ᠨᠢ ᠲᠡᠳᠡᠨ ᠤ  ᠭᠤᠶᠣᠴᠢᠯᠡᠯ ᠢ   ᠭᠦᠯᠢᠶᠡᠨ ᠠᠪᠣᠭᠰᠠᠨ ᠤ  ᠲᠠᠷᠠᠭ᠎ᠠ᠂  ᠪᠠᠶᠢᠳᠡᠯ ᠢ  ᠨᠠᠷᠢᠨ ᠨᠢᠮᠪᠠᠢ ᠪᠠᠶᠢᠴᠠᠭᠠᠨ ᠣᠶᠢᠯᠠᠭᠠᠭᠰᠠᠨ ᠰᠠᠭᠤᠷᠢᠨ ᠲᠡᠭᠡᠷ᠎ᠡ᠂  ︽ ᠰᠦᠨᠢᠳ ᠵᠡᠭᠦᠨ ᠬᠤᠰᠢᠭᠤᠨ ᠤ  ᠠᠷᠠᠳ ᠤᠨ  ᠪᠠᠶᠢᠴᠠᠭᠠᠬᠤ ᠬᠤᠷᠢᠶᠡᠨ ᠤ  ᠡᠷᠡᠭᠦᠦ ᠶᠢᠨ  ᠭᠡᠷᠡᠭ ᠤᠨ  ᠬᠤᠣᠷᠯᠠᠭᠳᠠᠭᠴᠢ ᠶᠢ  ᠲᠡᠮᠵᠢᠨ ᠲᠡᠳᠭᠦᠭᠦ ᠠᠷᠭ᠎ᠠ︾   ᠳᠤ  ᠲᠣᠭᠳᠠᠭᠠᠭᠰᠠᠨ ᠲᠡᠮᠵᠢᠨ ᠲᠡᠳᠭᠦᠭᠦ ᠨᠢᠭᠤᠷᠯᠠᠯ ᠤᠨ  ᠨᠦᠭᠦᠴᠡᠯ ᠳᠤ  ᠪᠦᠷᠢᠨ ᠨᠠᠶᠢᠴᠡᠭᠦ ᠲᠣᠯᠨ᠂  ᠯᠦᠸᠧ××  ᠪᠣᠯᠣᠨ ᠭᠤᠣ××   ᠳᠤ  ᠵᠣᠭᠢᠬᠤ ᠭᠡᠮᠵᠢᠶᠡᠨ ᠤ  ᠲᠡᠳᠭᠦᠪᠦᠷᠢ ᠶᠢᠨ  ᠮᠦᠩᠭᠦ ᠣᠯᠭᠤᠭᠰᠠᠨ ᠮᠦᠷᠳᠡᠭᠡᠨ ᠦᠵᠡᠯ ᠰᠠᠨᠠᠭᠠᠨ ᠤ  ᠲᠠᠯ᠎ᠠ ᠪᠠᠷ ᠲᠠᠶᠢᠳᠬᠤᠷᠠᠭᠤᠯᠣᠨ ᠲᠣᠬᠤᠨᠢᠭᠤᠯᠵᠦ᠂  ᠬᠤᠯᠪᠣᠭᠳᠡᠯ ᠪᠦᠭᠦᠢ ᠨᠢᠭᠡᠴᠡ ᠳᠤ  ᠪᠣᠳᠡᠳᠦ ᠪᠠᠶᠢᠳᠡᠯ ᠢ  ᠲᠣᠰᠬᠠᠨ᠂  ᠵᠦᠢ ᠵᠣᠭᠢᠰᠳᠡᠢ ᠬᠠᠷᠠᠭᠠᠯᠵᠠᠯ ᠢ  ᠭᠤᠶᠣᠴᠢᠯᠠᠬᠤ ᠳᠤ  ᠲᠦᠭᠦᠮ ᠦᠵᠡᠭᠦᠯᠦᠭᠰᠡᠨ ᠪᠠᠶᠢᠨ᠎ᠠ᠃      ᠯᠦᠸᠧ××  ᠪᠣᠯᠣᠨ ᠭᠤᠣ××   ᠨᠢ ᠪᠠᠶᠢᠴᠠᠭᠠᠬᠤ ᠬᠤᠷᠢᠶᠡᠨ ᠤ  ᠲᠡᠮᠵᠢᠯᠭᠡ ᠶᠢᠨ  ᠮᠦᠩᠭᠦ ᠶᠢ  ᠭᠠᠷᠳᠡᠨ ᠠᠪᠬᠤ ᠳᠠᠭᠠᠨ ︽ ᠪᠠᠶᠢᠴᠠᠭᠠᠬᠤ ᠺᠠᠳᠠᠷ ᠦᠨᠡᠭᠡᠷ ᠪᠢᠳᠡᠨ ᠤ  ᠰᠡᠳᠭᠢᠯ ᠤᠨ  ᠭᠦᠮᠦᠨ ᠪᠠᠶᠢᠨ᠎ᠠ᠃  ︿ᠲᠠᠭᠠᠷᠠᠭᠰᠠᠨ ᠦᠶ᠎ᠡ ᠳᠤ  ᠲᠠᠬᠤ ᠭᠦᠷᠭᠡᠭᠰᠡᠨ﹀  ᠡᠨᠡ  ᠠᠴᠢ ᠶᠢ  ᠴᠢᠨᠢ ᠭᠡᠵᠢᠶᠡᠳᠡ ᠮᠠᠷᠳᠠᠬᠤ ᠦᠭᠡᠢ  ︾  ᠂  ︽ᠪᠠᠶᠢᠴᠠᠭᠠᠬᠤ ᠬᠤᠷᠢᠶ᠎ᠡ ᠨᠢ ᠭᠡᠷᠡᠭ ᠢ  ᠭᠤᠣᠯᠴᠢ ᠰᠢᠢᠳᠪᠦᠷᠢᠯᠡᠭᠦ ᠪᠠᠷ ᠪᠠᠷᠠᠬᠤ ᠦᠭᠡᠢ᠂ ᠪᠡᠰᠡ ᠭᠦᠴᠢᠷᠳᠡᠯ ᠢ  ᠲᠡᠮᠵᠢᠨ᠎ᠡ  ᠭᠡᠭᠴᠢ ᠶᠢ  ᠪᠢ ᠰᠠᠶ᠋ᠢ ᠮᠡᠳᠡᠯ᠎ᠡ᠃  ᠪᠢᠳᠡᠨ ᠤ  ᠪᠦᠭᠦ ᠭᠡᠷ ᠢᠶᠠᠷ   ᠢᠶᠠᠨ  ᠲᠣᠶᠢᠯ ᠢᠶᠠᠷ  ᠪᠠᠶᠠᠷᠯᠡᠨ ᠲᠠᠯᠠᠷᠬᠠᠵᠦ ᠪᠠᠶᠢᠨ᠎ᠠ︾  ᠭᠡᠵᠦ ᠲᠣᠭᠳᠣᠯᠣᠨ  ᠶᠠᠷᠢᠵᠦ ᠪᠠᠶᠢᠯ᠎ᠠ᠃      ——  ᠡᠨᠡ  ᠪᠣᠯ ᠪᠢᠳᠡᠨ   ᠤ  ᠭᠢᠪᠡᠰᠦ ᠵᠣᠭᠢᠬᠤ ᠠᠵᠢᠯ ᠰᠢᠦ︕   ︽ ᠭᠠᠢ ᠭᠠᠵᠠᠷ ᠲᠣᠣᠷ᠎ᠡ  ᠠᠴᠠ︾  ᠭᠡᠭᠴᠢ ᠪᠠᠷ ᠨᠢᠭᠡᠨᠳᠡ ᠭᠦᠨᠳᠡᠯᠡᠨ ᠭᠠᠢ ᠳᠤ  ᠣᠴᠠᠷᠠᠭᠰᠠᠨ ᠶᠣᠮ ᠴᠢᠨᠢ᠂  ᠬᠠᠳᠠᠭᠤᠵᠢᠬᠤ ᠶᠣᠮ ᠰᠢᠦ︕  ᠪᠢᠳᠡ ᠪᠡᠰᠡ ᠬᠤᠯᠪᠣᠭᠳᠡᠯ ᠪᠦᠭᠦᠢ  ᠨᠢᠭᠡᠴᠡ ᠳᠤ  ᠪᠠᠶᠢᠳᠡᠯ ᠢ  ᠴᠢᠨᠢ ᠲᠣᠰᠬᠠᠵᠦ᠂  ᠵᠣᠭᠢᠰᠳᠡᠢ ᠲᠣᠰᠡ ᠲᠡᠮᠵᠢᠯᠭᠡ ᠡᠷᠡᠮᠡᠯᠵᠡᠯᠡᠵᠦ ᠦᠭᠭᠦᠶ᠎ᠡ  ᠭᠡᠵᠦ ᠪᠠᠶᠢᠴᠠᠭᠠᠬᠤ ᠺᠠᠳᠠᠷ ᠲᠡᠳᠡᠨ   ᠢ  ᠲᠠᠶᠢᠳᠬᠤᠷᠠᠭᠤᠯᠣᠨ᠎ᠡ᠃     ᠡᠷᠡᠭᠦᠦ ᠶᠢᠨ  ᠭᠡᠷᠡᠭ ᠤᠨ  ᠬᠤᠣᠷᠯᠠᠭᠳᠠᠭᠴᠢ ᠶᠢᠨ  ᠭᠡᠷ ᠪᠦᠯᠢ ᠶᠢ  ᠲᠡᠮᠵᠢᠨ  ᠲᠡᠳᠭᠦᠭᠰᠡᠨ ᠡᠨᠡᠭᠦ ᠬᠠᠯᠠᠭᠤᠨ ᠬᠠᠯᠠᠮᠵᠢ   ᠨᠢ ᠠᠷᠠᠳ ᠤᠨ  ᠪᠠᠶᠢᠴᠠᠭᠠᠬᠤ ᠬᠤᠷᠢᠶ᠎ᠡ ᠪᠣᠯᠣᠨ ᠣᠯᠠᠨ ᠲᠦᠮᠡᠨ ᠤ  ᠬᠠᠷᠢᠴᠠᠭ᠎ᠠ ᠶᠢ  ᠣᠯᠠᠮ  ᠢᠶᠠᠷ  ᠨᠢᠭᠳᠠᠷᠠᠭᠤᠯᠬᠤ ᠳᠤ  ᠂  ᠦᠨᠡᠨ ᠰᠡᠳᠭᠢᠯ ᠤᠨ  ᠲᠣᠯᠠᠭᠠᠨ ᠵᠣᠭᠤᠭ ᠨᠢ ᠭᠦᠭᠡᠷᠦᠭᠦᠢ ᠭᠡᠷ ᠪᠦᠯᠢ ᠶᠢᠨ   ᠬᠢᠨ  ᠤ  ᠠᠮᠢᠳᠣᠷᠠᠯ   ᠤᠨ  ᠭᠦᠴᠢᠷᠳᠡᠯ ᠢ  ᠲᠣᠭᠤᠯᠬᠤ ᠢᠳᠡᠭᠡᠯ ᠵᠣᠷᠢᠭ   ᠢ  ᠡᠷᠴᠢᠯᠡᠯ᠎ᠡ ᠁
      ᠵᠢᠷᠤᠭ ᠪᠣᠯ ᠪᠠᠶᠢᠴᠠᠭᠠᠬᠤ ᠺᠠᠳᠠᠷ ᠲᠡᠮᠵᠢᠯᠭᠡ ᠶᠢᠨ  ᠮᠦᠩᠭᠦ ᠶᠢ  ᠭᠠᠷᠳᠠᠭᠤᠯᠵᠦ ᠪᠠᠶᠢᠭ᠎ᠠ ᠨᠢ
 
ᠢᠷᠡᠯᠲᠡ᠄ ᠰᠦᠨᠢᠳ ᠵᠡᠬᠦᠨ ᠬᠤᠰᠢᠭᠤᠨ ᠠᠷᠠᠳ ᠤᠨ ᠪᠠᠶᠢᠴᠠᠭᠠᠬᠤ ᠬᠤᠷᠢᠶᠠᠨ ᠤ ᠠᠯᠪᠠᠨ ᠬᠡᠷ ᠠᠴᠠ ᠬᠠᠨᠭ᠍ᠭᠠᠪᠠ᠃
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号