ᠰᠡᠷᠡᠮᠵᠢ ᠶᠢᠨ ᠲᠣᠭᠢᠶ᠎ᠡ
ᠨᠡᠶᠢᠲᠡᠯᠡᠭᠰᠡᠨ ᠴᠠᠭ᠄
2012/4/8
             ᠰᠡᠷᠡᠮᠵᠢ ᠶᠢᠨ ᠲᠣᠭᠢᠶ᠎ᠡ                    — — — — ᠵᠠᠯᠠᠭᠤ ᠪᠠᠭᠠᠴᠣᠳ ᠬᠠᠦᠯᠢ ᠶᠢᠨ ᠪᠠᠯᠠᠢ                    ᠠᠴᠠ ᠪᠣᠯᠵᠦ ᠭᠦᠯ ᠠᠯᠳᠠᠭᠰᠠᠨ ᠪᠣᠳᠡᠳᠦ ᠵᠢᠱᠢᠶ᠎ᠡ ᠬᠤᠶᠠᠷ      ᠵᠠᠯᠠᠭᠤ ᠪᠠᠭᠠᠴᠣᠳ ᠲᠠᠭᠠᠨ ᠴᠡᠭᠡᠷᠯᠡᠯ ᠰᠣᠷᠭᠠᠮᠵᠢ ᠪᠣᠯᠭᠠᠬᠤ ᠶᠢᠨ ᠲᠦᠯᠦᠭᠡ ᠪᠢᠳᠡ ᠬᠤᠶᠠᠷ ᠭᠡᠷᠡᠭ ᠤᠨ ᠵᠢᠱᠢᠶ᠎ᠡ ᠶᠢ ᠦᠵᠡᠶ᠎ᠡ᠃      ᠨᠢᠭᠡᠳᠦᠭᠡᠷ ᠵᠢᠱᠢᠶ᠎ᠡ᠄ A ᠬᠤᠳᠡ ᠶᠢᠨ ᠠ᠂ ᠡ᠂ ᠢ ᠭᠤᠷᠪᠡᠨ ᠨᠠᠰᠦᠨ ᠳᠤ ᠦᠯᠦ ᠭᠦᠷᠦᠭᠰᠡᠳ ᠨᠢ ᠭᠤᠷᠪᠠᠭᠤᠯᠨ ᠪᠠᠨ ᠪᠦᠯᠦᠭᠯᠡᠵᠦ᠂ 3 ᠣᠳᠠᠭ᠎ᠠ ᠨᠠᠶᠢᠳᠡ ᠲᠠᠪᠣᠨ ᠰᠣᠷᠣᠭᠴᠢ ᠶᠢ ᠲᠣᠨᠣᠨ ᠲᠡᠭᠡᠷᠡᠮᠳᠡᠭᠡᠳ ᠨᠠᠶᠢᠳᠡ ᠠᠷᠠᠳ ᠤᠨ ᠵᠣᠭᠤᠰ 8 ᠲᠦᠭᠦᠷᠢᠭ᠂ ᠬᠠᠭᠤᠴᠢᠨ ᠭᠠᠷ ᠣᠳᠠᠰᠦ 5 ᠶᠢ ᠲᠣᠨᠣᠨ ᠲᠡᠭᠡᠷᠡᠮᠳᠡᠪᠡ᠃ ᠲᠣᠨᠣᠨ ᠲᠡᠭᠡᠷᠡᠮᠳᠡᠭᠦ ᠶᠠᠪᠣᠴᠠ ᠳᠤ ᠲᠡᠳᠡ ᠭᠢᠳᠤᠭ᠎ᠠ ᠪᠠᠷᠢᠵᠦ ᠬᠤᠣᠷ ᠠᠮᠰᠠᠭᠴᠢ ᠶᠢ ᠠᠶᠣᠯᠭᠠᠵᠠᠢ᠃ ᠭᠡᠪᠡᠴᠦ ᠪᠣᠰᠣᠳ ᠢ ᠭᠢᠳᠦᠭᠠᠯᠠᠵᠦ ᠰᠢᠷᠬᠠᠳᠣᠭᠤᠯᠣᠭᠰᠠᠨ ᠦᠭᠡᠢ᠂ ᠭᠢᠳᠤᠭ᠎ᠠ ᠪᠠᠨ ᠭᠠᠷᠭᠠᠵᠦ ᠬᠤᠣᠷ ᠠᠮᠰᠠᠭᠴᠢ ᠶᠢ ᠠᠶᠣᠯᠭᠠᠭᠰᠠᠨ ᠲᠡᠳᠦᠢ᠂ ᠡᠭᠦᠨ ᠳᠤ ᠪᠡᠰᠡ ᠨᠢᠭᠡ ᠣᠳᠠᠭ᠎ᠠ ᠨᠢ ᠨᠢᠭᠡᠨ ᠡᠵᠩᠨᠡᠵᠦ ᠪᠠᠶᠢᠭ᠎ᠠ ᠪᠠᠭ᠎ᠠ ᠲᠡᠯᠭᠡᠭᠦᠷ ᠲᠤ ᠣᠷᠣᠵᠦ ᠵᠣᠭᠤᠰ ᠲᠣᠨᠣᠨ ᠲᠡᠭᠡᠷᠡᠮᠳᠡᠭᠦ ᠭᠡᠳ ᠲᠣᠨᠣᠨ ᠲᠡᠭᠡᠷᠡᠮᠳᠡᠵᠦ ᠲᠠᠶᠢᠯᠦᠭᠰᠡᠨ ᠦᠭᠡᠢ᠃     ᠡᠭᠦᠨ ᠳᠤ᠂ ᠠ ᠨᠢ ᠦᠩᠭᠡᠷᠡᠭᠰᠡᠨ ᠳᠤ ᠪᠠᠰᠠ ᠪᠣᠰᠣᠳ ᠢ ᠵᠣᠷᠢᠭᠤᠳᠠ ᠭᠡᠮᠳᠦᠭᠡᠭᠰᠡᠨ ᠭᠡᠷᠡᠭ ᠢᠶᠠᠷ ᠬᠠᠭᠠᠰ ᠵᠢᠯ ᠤᠨ ᠬᠤᠭᠤᠴᠠᠭ᠎ᠠ ᠲᠠᠢ ᠬᠤᠷᠢᠬᠤ ᠪᠠᠷ ᠰᠢᠳᠭᠡᠭᠳᠡᠵᠦ ᠦᠩᠭᠡᠷᠡᠭᠰᠡᠨ ᠲᠡᠦᠭᠡ ᠲᠠᠢ᠃ ᠡ ᠨᠢ ᠲᠣᠰ ᠭᠡᠳᠦ ᠣᠳᠠᠭᠠᠨ ᠤ ᠲᠣᠨᠣᠨ ᠲᠡᠭᠡᠷᠡᠮᠳᠡᠯᠭᠡ ᠭᠢᠭᠦ ᠳᠤ ᠭᠤᠣᠯ ᠰᠡᠳᠦᠵᠦ ᠣᠬᠠᠯᠠᠭᠠᠭᠰᠠᠨ ᠭᠦᠮᠦᠨ᠃ ᠢ ᠨᠢ ᠬᠠᠮᠳᠦ ᠲᠣᠨᠣᠨ ᠲᠡᠭᠡᠷᠡᠮᠳᠡᠭᠦ ᠳᠤ ᠣᠷᠣᠯᠴᠠᠪᠡ᠃ ᠡᠴᠦᠰ ᠲᠤ᠂ ᠠ᠂ ᠡ᠂ ᠢ ᠭᠤᠷᠪᠡᠨ ᠨᠠᠰᠦᠨ ᠳᠤ ᠦᠯᠦ ᠭᠦᠷᠦᠭᠰᠡᠨ ᠵᠢᠭᠠᠯ ᠲᠡᠭᠦᠦᠨᠡᠷ ᠡᠨᠡᠭᠦ 8 ᠲᠦᠭᠦᠷᠢᠭ ᠵᠣᠭᠤᠰ᠂ 5 ᠬᠠᠭᠤᠴᠢᠨ ᠭᠠᠷ ᠣᠳᠠᠰᠦ ᠶᠢ ᠲᠣᠨᠣᠨ ᠲᠡᠭᠡᠷᠡᠮᠳᠡᠭᠡᠳ ᠶᠠᠮᠠᠷ ᠶᠡᠭᠡ ᠦᠷᠡᠭᠳᠡᠯ ᠭᠠᠷᠭᠠᠭᠰᠠᠨ ᠢ ᠲᠨ ᠨᠠᠷ ᠮᠡᠳᠡᠨ᠎ᠡ ᠤᠤ︖    ᠡᠳᠡᠨᠦᠰ ᠤᠨ ᠠᠵᠢᠯᠯᠠᠭ᠎ᠠ ᠨᠢ ᠨᠢᠭᠡᠨᠳᠡ ᠣᠯᠠᠨ ᠣᠳᠠᠭ᠎ᠠ ᠲᠣᠨᠣᠨ ᠲᠡᠭᠡᠷᠡᠮᠳᠡᠭᠰᠡᠨ ᠠᠵᠢᠯᠯᠠᠭ᠎ᠠ ᠶᠢ ᠡᠳᠦᠭᠦᠯᠵᠦ᠂ ᠪᠠᠰᠡ ᠭᠡᠷ ᠲᠤ ᠣᠷᠣᠵᠦ ᠲᠣᠨᠣᠨ ᠲᠡᠭᠡᠷᠡᠮᠳᠡᠭᠰᠡᠨ ᠦᠢᠯᠨ ᠪᠠᠶᠢᠳᠡᠯ ᠲᠠᠢ ᠲᠣᠯᠨ᠂ ᠬᠠᠦᠯᠢ ᠶᠢᠨ ᠲᠣᠭᠳᠠᠭᠠᠯ ᠢᠶᠠᠷ᠂ ᠭᠦᠨᠳᠦ ᠪᠠᠷ ᠰᠢᠳᠭᠡᠭᠦ ᠦᠢᠯᠨ ᠪᠠᠶᠢᠳᠡᠯ ᠲᠠᠢ ᠪᠠᠶᠢᠵᠦ᠂ 10 ᠵᠢᠯ ᠠᠴᠠ ᠲᠡᠭᠡᠭᠰᠢ ᠬᠤᠭᠤᠴᠠᠭ᠎ᠠ ᠲᠠᠢ ᠬᠤᠷᠢᠬᠤ  ᠪᠠᠷ ᠰᠢᠳᠭᠡᠪᠡᠯ ᠵᠣᠭᠢᠨ᠎ᠡ᠃ ᠭᠡᠳᠡᠯ᠎ᠡ ᠡᠳᠡ ᠭᠤᠷᠪᠠᠭᠤᠯᠨ ᠪᠣᠯ ᠪᠦᠷ ᠨᠠᠰᠦᠨ ᠳᠤ ᠦᠯᠦ ᠭᠦᠷᠦᠭᠰᠡᠳ ᠪᠣᠯᠬᠤ ᠲᠣᠯᠨ ᠬᠠᠦᠯᠢ ᠶᠣᠰᠣᠭᠠᠷ ᠭᠦᠩᠭᠡᠨ ᠢᠶᠠᠷ ᠪᠣᠶᠣ ᠭᠦᠩᠭᠡᠷᠡᠭᠦᠯᠦᠨ ᠰᠢᠳᠭᠡᠭᠦ ᠦᠢᠯᠨ ᠪᠠᠶᠢᠳᠡᠯ ᠲᠠᠢ᠃ ᠬᠠᠮᠤᠭ ᠡᠴᠦᠰ ᠲᠤ᠂ ᠠ ᠨᠢ 8 ᠵᠢᠯ ᠤᠨ ᠭᠠᠳᠠᠨ᠎ᠠ 10 ᠰᠠᠷ᠎ᠡ ᠬᠤᠷᠢᠭᠳᠠᠬᠤ᠂ ᠡ ᠨᠢ 7 ᠵᠢᠯ ᠤᠨ ᠭᠠᠳᠠᠨ᠎ᠠ 10 ᠰᠠᠷ᠎ᠡ ᠬᠤᠷᠢᠭᠳᠠᠬᠤ᠂ ᠢ ᠨᠢ 5 ᠵᠢᠯ ᠤᠨ ᠭᠠᠳᠠᠨ᠎ᠠ 10 ᠰᠠᠷ᠎ᠡ ᠬᠤᠷᠢᠭᠳᠠᠬᠤ ᠪᠠᠷ ᠲᠣᠰ ᠲᠣᠰ ᠰᠢᠳᠭᠡᠭᠳᠡᠪᠡ᠃ ᠶᠠᠭ ᠰᠠᠶᠢᠬᠠᠨ ᠰᠣᠷᠣᠯᠭ᠎ᠠ ᠰᠣᠶᠣᠯ ᠤᠨ ᠮᠦᠷ ᠢ ᠭᠦᠭᠡᠭᠡᠵᠦ᠂ ᠭᠡᠭᠡᠨ ᠰᠠᠷᠠᠭᠤᠯ ᠢᠷᠡᠭᠡᠳᠦᠢ ᠶᠢᠨ ᠢᠶᠠᠨ ᠭᠦᠰᠡᠯᠡᠩ ᠤᠨ ᠲᠦᠯᠦᠭᠡ ᠴᠢᠷᠮᠠᠶᠢᠨ ᠰᠣᠷᠣᠯᠴᠠᠵᠦ᠂ ᠴᠢᠳᠡᠪᠦᠷᠢ ᠮᠡᠷᠭᠡᠵᠢᠯ ᠡᠵᠡᠮᠰᠢᠭᠦ ᠠᠯᠳᠠᠨ ᠠᠴᠠ ᠡᠷᠭᠢᠮ ᠨᠠᠰᠦᠨ ᠳᠠᠭᠠᠨ ᠭᠦᠭᠡᠷᠦᠭᠦᠢ ᠠ᠂ ᠡ᠂ ᠢ ᠭᠤᠷᠪᠡᠨ ᠵᠠᠯᠠᠭᠤ ᠬᠠᠦᠯᠢ ᠪᠠᠷ ᠲᠣᠭᠯᠠᠭᠠᠮ ᠭᠢᠵᠦ᠂ ᠬᠠᠮᠤᠭ ᠰᠡᠭᠦᠯ ᠳᠤ ᠭᠢᠨᠳᠡᠨ ᠤ ᠮᠣᠬᠤᠷ ᠲᠤ ᠬᠤᠷᠢᠭᠳᠡᠵᠦ᠂ ᠭᠡᠭᠡᠨ ᠰᠠᠷᠠᠭᠤᠯ ᠢᠷᠡᠭᠡᠳᠦᠢ ᠪᠠᠨ ᠬᠠᠷᠠᠯᠠᠭᠤᠯᠣᠭᠰᠠᠨ ᠪᠠᠶᠢᠨ᠎ᠠ᠃ ᠭᠡᠴᠢᠨᠡᠨ ᠬᠠᠷᠠᠮᠰᠠᠯᠳᠡᠢ ᠪᠣᠢ︖ ᠪᠠᠭᠠᠴᠣᠣᠯ ᠲᠡᠭᠦᠦᠨᠡᠷ ᠮᠢᠨᠢ᠂ ᠶᠠᠭᠠᠭᠢᠭᠰᠡᠨ ᠴᠣ᠋ ᠰᠣᠷᠭᠠᠮᠵᠢ ᠠᠪᠬᠤ ᠶᠣᠮ ᠰᠢᠦ︕     ᠬᠤᠶᠠᠳᠣᠭᠠᠷ ᠵᠢᠱᠢᠶ᠎ᠡ᠂ ᠣᠳᠣ ᠪᠢᠳᠡ ᠮᠠᠨ ᠤ ᠣᠷᠴᠢᠨ ᠲᠣᠭᠤᠷᠢᠨ ᠳᠤ ᠡᠭᠦᠰᠴᠦ ᠪᠠᠶᠢᠭ᠎ᠠ ᠪᠣᠳᠡᠳᠡᠢ ᠵᠢᠱᠢᠶ᠎ᠡ  ᠠᠴᠠ ᠲᠠᠳᠠᠵᠦ ᠲᠠ ᠨᠠᠷ ᠲᠠᠭᠠᠨ ᠰᠣᠷᠭᠠᠮᠵᠢ ᠪᠣᠯᠭᠠᠶ᠎ᠠ︕     ᠡᠨᠡ ᠪᠣᠯ 2011 ᠣᠨ ᠳᠤ ᠰᠢᠯᠢ ᠶᠢᠨ ᠬᠤᠳᠡ ᠶᠢᠨ ᠠᠷᠠᠳ ᠤᠨ ᠰᠢᠭᠦᠭᠦ ᠬᠤᠷᠢᠶᠡᠨ ᠤ ᠰᠢᠭᠦᠨ ᠲᠠᠰᠣᠯᠣᠭᠰᠠᠨ ᠨᠢᠭᠡᠨ ᠭᠡᠷᠡᠭ ᠶᠣᠮ᠃ ᠵᠠᠭᠠᠯᠳᠣᠭᠳᠠᠭᠴᠢ ᠠ᠊ ᠵᠠᠯᠠᠭᠤ᠂ ᠡᠷᠡᠭᠳᠡᠢ᠂ ᠮᠣᠩᠭᠤᠯ ᠦᠨᠳᠦᠰᠦᠳᠡᠨ᠂ 1990 ᠣᠨ ᠳᠤ ᠲᠦᠷᠦᠵᠡᠢ᠃ ᠪᠠᠭ᠎ᠠ ᠰᠣᠷᠭᠠᠭᠤᠯᠢ ᠶᠢᠨ ᠰᠣᠶᠣᠯ ᠤᠨ ᠭᠡᠮᠵᠢᠶ᠎ᠡ ᠲᠠᠢ᠃ ᠰᠢᠯᠢ ᠶᠢᠨ ᠬᠤᠳᠠ  ᠶᠢᠨ ᠷᠠᠰᠢᠶᠡᠨ ᠪᠠᠯᠭᠠᠰᠣᠨ ᠤ ᠭᠦᠮᠦᠨ᠃ ᠠᠵᠢᠯ ᠦᠭᠡᠢ᠃ ᠲᠡᠷᠨ 2010 ᠣᠨ ᠤ 4 ᠰᠠᠷ᠎ᠡ ᠠᠴᠠ 12 ᠰᠠᠷ᠎ᠡ  ᠶᠢᠨ ᠬᠤᠭᠤᠷᠣᠨᠳᠦ ᠰᠢᠯᠢ ᠶᠢᠨ ᠬᠤᠳᠠ ᠶᠢᠨ ᠠᠵᠢᠯ ᠮᠡᠷᠭᠡᠵᠢᠯ ᠤᠨ ᠲᠡᠭᠡᠳᠦ ᠰᠣᠷᠭᠠᠭᠤᠯᠢ ᠶᠢᠨ ᠰᠣᠷᠣᠭᠴᠢᠳ ᠤᠨ ᠪᠠᠶᠢᠷᠢ ᠪᠡ ᠰᠣᠷᠭᠠᠭᠤᠯᠢ ᠶᠢᠨ ᠣᠶᠢᠷᠠᠯᠴᠠᠭᠠᠭᠢ ᠴᠢᠴᠢᠭᠦᠷ ᠪᠦᠮᠪᠦᠭᠡᠨ ᠤ ᠲᠢᠩᠭᠢᠮ ᠳᠤ ᠭᠦᠴᠦᠷᠭᠡᠭᠯᠡᠯ᠂ ᠰᠦᠷᠳᠡᠭᠦᠯᠦᠯ ᠤᠨ ᠠᠷᠭ᠎ᠠ ᠭᠡᠯᠪᠡᠷᠢ ᠪᠠᠷ᠂ ᠣᠷᠢᠳ ᠬᠤᠵᠢᠳ 5 ᠣᠳᠠᠭ᠎ᠠ ᠰᠣᠷᠣᠭᠴᠢᠳ ᠤᠨ ᠡᠳ᠋ ᠮᠦᠩᠭᠦ ᠶᠢ ᠲᠣᠨᠣᠨ ᠲᠡᠭᠡᠷᠡᠮᠳᠡᠵᠦ᠂ ᠪᠦᠭᠦ ᠲᠣᠨᠣᠨ ᠲᠡᠭᠡᠷᠡᠮᠳᠡᠭᠰᠡᠨ ᠪᠣᠵᠠᠷ ᠪᠣᠳᠠᠰ ᠤᠨ ᠦᠷᠳᠡᠭ ᠨᠢ ᠨᠠᠶᠢᠳᠡ 615 ᠲᠦᠭᠦᠷᠢᠭ ᠲᠤ ᠭᠦᠷᠴᠠᠢ᠃ ᠡᠭᠦᠨ ᠳᠤ 4 ᠣᠳᠠᠭ᠎ᠠ ᠨᠢ ᠵᠣᠭᠤᠰ ᠲᠣᠨᠣᠨ ᠲᠡᠭᠡᠷᠡᠮᠳᠡᠵᠦ᠂ ᠨᠠᠶᠢᠳᠡ 115 ᠲᠦᠭᠦᠷᠢᠭ ᠲᠡᠭᠡᠷᠡᠮᠳᠡᠵᠦ ᠣᠯᠪᠡ᠃ ᠬᠠᠮᠤᠭ ᠣᠯᠠᠨ ᠨᠢ 50 ᠲᠦᠭᠦᠷᠢᠭ᠂ ᠬᠠᠮᠤᠭ ᠴᠦᠭᠡᠨ ᠨᠢ 25 ᠲᠦᠭᠦᠷᠢᠭ᠃ ᠡᠭᠦᠨ ᠠᠴᠠ ᠭᠠᠳᠠᠨ᠎ᠠ ᠬᠤᠶᠠᠷ ᠭᠠᠷ ᠣᠳᠠᠰᠦ ᠲᠣᠨᠣᠨ ᠲᠡᠭᠡᠷᠡᠮᠳᠡᠭᠰᠡᠨ ᠢ ᠦᠨ᠎ᠡ ᠬᠠᠩᠰᠢ ᠶᠢ ᠦᠨᠡᠯᠡᠨ ᠲᠣᠭᠳᠠᠭᠠᠬᠤ ᠲᠦᠪ ᠠᠴᠠ ᠨᠠᠶᠢᠳᠡ 500 ᠲᠦᠭᠦᠷᠢᠭ ᠢᠶᠠᠷ ᠦᠨᠡᠯᠡᠨ ᠲᠣᠭᠳᠠᠭᠠᠪᠡ᠃ ᠢᠩᠭᠢᠭᠡᠳ ᠲᠡᠭᠦᠨ ᠤ ᠲᠣᠨᠣᠨ ᠲᠡᠭᠡᠷᠡᠮᠳᠡᠭᠰᠡᠨ ᠪᠣᠵᠠᠷ ᠪᠣᠳᠠᠰ ᠨᠢ ᠨᠠᠶᠢᠳᠡ 615 ᠲᠦᠭᠦᠷᠢᠭ ᠲᠤ ᠭᠦᠷᠦᠭᠰᠡᠨ ᠪᠠᠶᠢᠨ᠎ᠠ᠃ ᠰᠢᠭᠦᠯᠳᠡ  ᠶᠢᠨ ᠲᠣᠮᠳᠡ ᠵᠠᠭᠠᠯᠳᠣᠭᠳᠠᠭᠴᠢ ᠭᠡᠯᠡᠭᠦ ᠳᠡᠭᠡᠨ᠂ ᠲᠡᠭᠦᠨ ᠤ ᠲᠣᠨᠣᠨ ᠲᠡᠭᠡᠷᠡᠮᠳᠡᠭᠰᠡᠨ ᠲᠤᠭ᠎ᠠ ᠭᠡᠮᠵᠢᠶ᠎ᠡ ᠨᠢ ᠲᠣᠶᠢᠯ  ᠤᠨ ᠪᠠᠭ᠎ᠠ ᠲᠣᠯᠨ ᠬᠠᠦᠯᠢ ᠶᠢᠨ ᠰᠢᠳᠭᠡᠯ ᠢ ᠣᠯᠬᠤ ᠦᠭᠡᠢ ᠭᠡᠵᠦ ᠪᠣᠳᠣᠯ᠎ᠡ ᠭᠡᠨ᠎ᠡ᠃ ᠶᠠᠭᠠᠭᠢᠭᠰᠡᠨ ᠲᠡᠨᠡᠭ ᠪᠣᠳᠣᠯ ᠪᠣᠢ︖ ᠲᠣᠨᠣᠨ ᠲᠡᠭᠡᠷᠡᠮᠳᠡᠭᠰᠡᠨ ᠭᠡᠷᠡᠭ ᠭᠡᠳᠡᠭ ᠴᠢᠨᠢ ᠠᠷᠪᠡᠨ ᠵᠣᠭᠤᠰ ᠲᠣᠨᠣᠨ ᠲᠡᠭᠡᠷᠡᠮᠳᠡᠭᠰᠡᠨ ᠴᠣ᠋ ᠭᠦᠨᠳᠦ ᠶᠠᠯ᠎ᠠ ᠰᠢᠦ ᠳ᠋ᠠ᠃ ᠲᠡᠷᠨ ᠪᠣᠯ ᠪᠣᠰᠣᠳ ᠤᠨ ᠪᠡᠶ᠎ᠡ ᠶᠢᠨ ᠡᠷᠭᠡ᠂ ᠡᠳ᠋ ᠭᠦᠷᠦᠩᠭᠡ ᠶᠢᠨ ᠡᠷᠭᠡ ᠳᠤ ᠪᠦᠷ ᠬᠠᠯᠳᠠᠯᠭ᠎ᠠ ᠣᠴᠠᠷᠠᠭᠤᠯᠳᠠᠭ ᠪᠣᠯᠬᠤᠷ᠂ ᠮᠠᠨ ᠤ ᠣᠯᠣᠰ ᠤᠨ ︽ᠡᠷᠡᠭᠦᠦ ᠶᠢᠨ ᠬᠠᠦᠯᠢ︾ ᠶᠢᠨ ᠲᠣᠭᠳᠠᠭᠠᠯ ᠢᠶᠠᠷ ᠴᠢᠩᠭ᠎ᠠ ᠴᠣᠭᠢᠯᠳᠡ ᠦᠭᠳᠡᠭ ᠶᠠᠯᠠᠳᠦ ᠠᠵᠢᠯᠯᠠᠭ᠎ᠠ ᠶᠢᠨ ᠨᠢᠭᠡ ᠰᠢᠦ ᠳ᠋ᠡ᠃ ᠨᠡᠩ ᠣᠨᠴᠠᠭᠠᠶᠢᠯᠡᠨ ᠠ᠊ ᠵᠠᠯᠠᠭᠤ ᠶᠢᠨ ᠠᠵᠢᠯᠯᠠᠭ᠎ᠠ ᠨᠢ ᠣᠯᠠᠨ ᠣᠳᠠᠭ᠎ᠠ ᠲᠣᠨᠣᠨ ᠲᠡᠭᠡᠷᠡᠮᠳᠡᠭᠰᠡᠨ ᠪᠦᠭᠡᠳ ᠰᠣᠷᠣᠭᠴᠢᠳ ᠤᠨ ᠪᠠᠶᠢᠷᠢ ᠳᠤ ᠣᠷᠣᠵᠦ ᠲᠣᠨᠣᠨ ᠲᠡᠭᠡᠷᠡᠮᠳᠡᠭᠰᠡᠨ ᠠᠵᠢᠯᠯᠠᠭ᠎ᠠ ᠨᠢ ᠭᠡᠷ ᠲᠤ ᠣᠷᠣᠵᠦ ᠲᠣᠨᠣᠨ ᠲᠡᠭᠡᠷᠡᠮᠳᠡᠭᠰᠡᠨ ᠠᠵᠢᠯᠯᠠᠭ᠎ᠠ ᠳᠤ ᠲᠣᠭᠠᠴᠢᠭᠳᠡᠬᠤ ᠲᠣᠯᠨ᠂ ︽ᠡᠷᠡᠭᠦᠦ ᠶᠢᠨ ᠬᠠᠦᠯᠢ︾ ᠶᠢᠨ ᠲᠣᠭᠳᠠᠭᠠᠯ ᠢ ᠦᠨᠳᠦᠰᠦᠯᠡᠪᠡᠯ᠂ ᠠᠷᠪᠡᠨ ᠵᠢᠯ ᠠᠴᠠ ᠲᠡᠭᠡᠭᠰᠢ ᠬᠤᠭᠤᠴᠠᠭ᠎ᠠ ᠲᠠᠢ ᠬᠤᠷᠢᠬᠤ᠂ ᠬᠤᠭᠤᠴᠠᠭ᠎ᠠ ᠦᠭᠡᠢ ᠬᠤᠷᠢᠬᠤ ᠪᠣᠶᠣ ᠠᠯᠠᠬᠤ ᠶᠠᠯ᠎ᠠ ᠪᠠᠷ ᠰᠢᠳᠭᠡᠵᠦ᠂ ᠵᠣᠭᠤᠰ ᠢᠶᠠᠷ ᠲᠣᠷᠭᠤᠬᠤ ᠪᠣᠶᠣ ᠡᠳ᠋ ᠭᠦᠷᠦᠩᠭᠡ ᠶᠢ ᠨᠢ ᠬᠤᠷᠢᠶᠡᠨ ᠠᠪᠣᠨ᠎ᠡ᠃ ᠲᠣᠰ ᠭᠡᠷᠡᠭ ᠲᠤ ᠠ᠊ ᠵᠠᠯᠠᠭᠤ ᠪᠠᠷᠢᠪᠴᠢᠯᠠᠭᠳᠠᠭᠰᠠᠨ ᠤ ᠲᠠᠷᠠᠭ᠎ᠠ ᠶᠠᠯ᠎ᠠ ᠪᠠᠨ ᠮᠡᠳᠡᠷᠡᠭᠦ ᠣᠪᠣᠷ ᠨᠢ ᠰᠠᠶᠢᠨ ᠲᠣᠯᠨ ᠰᠢᠯᠢ ᠶᠢᠨ ᠬᠤᠳᠡ ᠶᠢᠨ ᠠᠷᠠᠳ  ᠤᠨ ᠰᠢᠭᠦᠭᠦ ᠬᠤᠷᠢᠶ᠎ᠡ ᠪᠠᠶᠢᠳᠡᠯ ᠢ ᠨᠢ ᠦᠵᠡᠵᠦ ᠭᠦᠩᠭᠡᠨ ᠢᠶᠠᠷ ᠰᠢᠳᠭᠡᠵᠦ᠂ ᠬᠠᠮᠤᠭ ᠰᠡᠭᠦᠯ ᠳᠤ 11 ᠵᠢᠯ ᠤᠨ ᠬᠤᠭᠤᠴᠠᠭ᠎ᠠ ᠲᠠᠢ ᠬᠤᠷᠢᠬᠤ ᠪᠠᠷ ᠰᠢᠳᠭᠡᠵᠦ᠂ 21500 ᠲᠦᠭᠦᠷᠢᠭ ᠵᠣᠭᠤᠰ ᠢᠶᠠᠷ ᠲᠣᠷᠭᠤᠵᠦ᠂ ᠲᠡᠭᠦᠨ ᠳᠤ ᠴᠢᠩᠭ᠎ᠠ ᠬᠠᠳᠠᠭᠤ ᠬᠠᠦᠯᠢ ᠶᠢᠨ ᠵᠠᠯᠬᠠᠭᠠᠯ ᠣᠯᠭᠤᠭᠰᠠᠨ ᠪᠠᠶᠢᠨ᠎ᠠ᠃ ᠰᠠᠶ᠋ᠢᠬᠠᠨ ᠬᠤᠷᠢ ᠭᠦᠷᠴᠦ ᠪᠠᠶᠢᠭ᠎ᠠ ᠬᠠᠶᠢᠷᠡᠨ ᠵᠠᠯᠠᠭᠤ ᠨᠠᠰᠦ ᠡ᠃ ᠬᠠᠦᠯᠢ ᠶᠢᠨ ᠪᠠᠯᠠᠢ ᠠᠴᠠ ᠪᠣᠯᠵᠦ᠂ ᠵᠠᠯᠠᠭᠤ ᠨᠠᠰᠦ ᠪᠠᠨ ᠬᠠᠷᠠᠯᠠᠭᠤᠯᠴᠢᠬᠠᠯ᠎ᠠ᠃ ᠡᠨᠡ ᠪᠣᠯ ᠪᠢᠳᠡᠨ ᠤ ᠬᠠᠵᠠᠭᠤ ᠳᠤ ᠡᠭᠦᠰᠴᠦ ᠪᠠᠶᠢᠭ᠎ᠠ ᠴᠢᠰᠦᠳᠦ ᠰᠣᠷᠭᠠᠮᠵᠢ ᠰᠢᠦ ᠳ᠋ᠡ᠃ ᠵᠠᠯᠠᠭᠤ ᠪᠠᠭᠠᠴᠣᠳ ᠪᠢᠳᠡ ᠵᠡᠪᠡᠯ ᠴᠠᠭ ᠢᠮᠠᠭᠳᠡ ᠦᠪᠡᠷ ᠤᠨ ᠪᠡᠶ᠎ᠡ ᠪᠠᠨ ᠴᠢᠩᠭ᠎ᠠ ᠱᠠᠭᠠᠷᠳᠡᠵᠦ᠂ ᠬᠠᠦᠯᠢ ᠶᠢ ᠰᠠᠭᠢᠵᠦ᠂ ᠬᠠᠦᠯᠢ ᠶᠢ ᠵᠢᠷᠣᠮᠯᠠᠬᠤ ᠭᠡᠷᠡᠭᠳᠡᠢ᠃ ᠠ᠊ ᠵᠠᠯᠠᠭᠤ ᠶᠢᠨ 115 ᠲᠦᠭᠦᠷᠢᠭ ᠵᠣᠭᠤᠰ᠂ ᠬᠤᠶᠠᠷ ᠬᠠᠭᠤᠴᠢᠨ ᠭᠠᠷ ᠣᠳᠠᠰᠦ ᠲᠣᠨᠣᠨ ᠲᠡᠭᠡᠷᠡᠮᠳᠡᠭᠡᠳ᠂ 11 ᠵᠢᠯ ᠢᠶᠠᠷ ᠬᠤᠷᠢᠭᠳᠡᠵᠦ᠂ 2 ᠲᠦᠮᠨ ᠭᠠᠷᠣᠢ ᠲᠦᠭᠦᠷᠢᠭ ᠢᠶᠠᠷ ᠲᠣᠷᠭᠤᠭᠳᠠᠭᠰᠠᠨ ᠴᠢᠰᠦᠳᠦ ᠰᠣᠷᠭᠠᠮᠵᠢ ᠪᠢᠳᠡᠨ ᠳᠤ ᠶᠠᠭᠤ ᠶᠢ ᠭᠡᠯᠡᠵᠦ ᠦᠭᠭᠦᠨ᠎ᠡ ᠪᠢᠯᠨ︖ ᠭᠡᠷᠪᠡ ᠴᠢ ᠬᠠᠦᠯᠢ ᠶᠢ ᠵᠦᠷᠢᠴᠡᠵᠦ᠂ ᠶᠠᠯᠠᠳᠦ ᠠᠵᠢᠯᠯᠠᠭ᠎ᠠ ᠭᠢᠪᠡᠯ᠂ ᠬᠠᠦᠯᠢ ᠭᠡᠳᠡᠭ ᠬᠠᠳᠠᠭᠤ ᠰᠢᠦ ᠳ᠋ᠡ᠃ ︽ᠬᠠᠦᠯᠢ ᠴᠠᠭᠠᠵᠠ ᠶᠢᠨ ᠡᠮᠦᠨ᠎ᠡ ᠭᠦᠮᠦᠨ ᠪᠦᠭᠦᠨ ᠡᠷᠭᠡ ᠲᠡᠭᠰᠢ︾ ᠪᠠᠶᠢᠳᠠᠭ᠃ ᠲᠨ ᠨᠠᠷ ᠮᠢᠨᠢ᠂ ᠭᠡᠨᠡᠨ ᠠᠵᠢᠯᠯᠠᠭ᠎ᠠ ᠠᠴᠠ ᠵᠠᠶᠢᠳᠡᠵᠦ᠂ ᠭᠡᠭᠡᠨ ᠰᠠᠷᠠᠭᠤᠯ ᠵᠠᠮ ᠢ ᠴᠢᠭᠯᠡᠭᠡᠷᠡᠢ᠃     ᠰᠣᠷᠭᠠᠭᠤᠯᠢ ᠶᠢᠨ ᠭᠦᠷᠢᠶᠡᠨ ᠳᠤ᠂ ᠰᠣᠷᠣᠭᠴᠢᠳ ᠤᠨ ᠪᠠᠶᠢᠷᠢ ᠳᠤ ᠡᠭᠦᠰᠴᠦ ᠪᠠᠶᠢᠭ᠎ᠠ ᠬᠠᠷᠢᠯᠴᠠᠨ ᠨᠢᠭᠡ ᠨᠢ ᠨᠢᠭᠡ ᠶᠢ ᠪᠠᠨ ᠠᠶᠣᠯᠭᠠᠨ ᠰᠦᠷᠳᠡᠭᠦᠯᠵᠦ᠂ ᠵᠣᠭᠤᠰ ᠵᠤᠭ᠎ᠠ ᠶᠢ ᠨᠢ ᠠᠪᠴᠦ᠂ ᠢᠳᠡᠭᠡᠨ ᠣᠮᠳᠠᠭᠠᠨ ᠢ ᠨᠢ ᠪᠣᠯᠢᠶᠠᠵᠦ ᠂ ᠪᠠᠭᠤᠷᠠᠢ ᠨᠦᠭᠦᠳ ᠢᠶᠠᠨ ᠲᠣᠷᠣᠮᠵᠢᠯᠠᠬᠤ ᠵᠡᠷᠭᠡ ᠠᠵᠢᠯᠯᠠᠭ᠎ᠠ ᠴᠢᠨᠢ ᠪᠦᠷ ᠬᠠᠦᠯᠢ ᠲᠦᠷᠢᠮ ᠢ ᠵᠦᠷᠢᠴᠡᠵᠦ ᠪᠠᠶᠢᠭ᠎ᠠ ᠶᠠᠪᠣᠳᠡᠯ ᠶᠣᠮ᠃ ᠭᠡᠷᠪᠡ ᠲᠡᠨᠡᠭ ᠪᠣᠳᠣᠯ ᠢᠶᠠᠷ ︽ᠪᠠᠭᠠᠳᠣᠷ︾ ᠪᠣᠯᠵᠦ᠂ ᠡᠶᠢᠮᠦᠷᠭᠦ ᠠᠵᠢᠯᠯᠠᠭ᠎ᠠ ᠭᠢᠳᠡᠭ ᠨᠦᠭᠦᠳ ᠪᠠᠶᠢᠪᠡᠯ᠂ ᠡᠷᠳᠡᠭᠡᠨ ᠣᠬᠠᠭᠠᠷᠠᠵᠦ᠂ ᠠᠰᠬ᠎ᠠ ᠬᠠᠳᠠᠨ ᠤ ᠢᠷᠮᠡᠭ ᠠᠴᠠ ᠠᠭᠳᠡ ᠶᠢᠨ ᠵᠢᠯᠣᠭᠤ ᠪᠠᠨ ᠲᠠᠳᠠᠭᠠᠷᠠᠢ︕ ᠠᠷᠰᠠᠷ ᠣᠴᠢᠷ ᠲᠤ ᠪᠡᠶ᠎ᠡ ᠪᠠᠨ ᠪᠠᠷᠢᠬᠤ ᠦᠭᠡᠢ ᠶᠣᠮ ᠪᠣᠯ᠂ ᠠᠯᠬᠤᠮ ᠠᠯᠬᠤᠮ ᠢᠶᠠᠷ ᠲᠠᠪᠰᠢᠭᠤᠷᠠᠭᠰᠠᠭᠠᠷ ᠪᠠᠶᠢᠵᠦ᠂ ᠭᠦᠯ ᠠᠯᠳᠠᠵᠦ ᠬᠠᠷᠠᠩᠭᠤᠢ ᠨᠦᠭᠡᠨ ᠳᠤ ᠣᠶᠢᠴᠢᠨ᠎ᠡ ᠰᠢᠦ︕ ᠣᠯᠠᠩᠭᠢ ᠵᠠᠯᠠᠭᠤ ᠪᠠᠭᠠᠴᠣᠣᠯ ᠶᠠᠯᠠᠳᠠᠨ ᠪᠣᠯ ᠪᠦᠷ ᠰᠣᠷᠭᠠᠭᠤᠯᠢ ᠶᠢᠨ ᠰᠠᠭᠢᠯᠭ᠎ᠠ ᠪᠠᠳᠦ᠂ ᠲᠦᠷᠢᠮ ᠲᠣᠭᠳᠠᠭᠠᠯ ᠢ ᠵᠢᠷᠣᠮᠯᠠᠬᠤ ᠦᠭᠡᠢ᠂ ᠡᠳᠦᠷ ᠲᠣᠳᠣᠮ ᠤᠨ ᠡᠩ ᠤᠨ ᠠᠵᠢᠯᠯᠠᠭ᠎ᠠ ᠲᠣᠮᠳᠡ ᠪᠡᠶ᠎ᠡ ᠪᠠᠨ ᠰᠣᠯᠨ ᠲᠠᠯᠪᠢᠵᠦ᠂ ᠦᠵᠡᠯ ᠰᠠᠨᠠᠭᠠᠨ ᠤ ᠲᠠᠯ᠎ᠠ ᠪᠠᠷ ᠨᠠᠵᠠᠭᠠᠶᠢᠷᠠᠨ ᠲᠣᠷᠣᠶᠢᠳᠠᠭᠰᠠᠭᠠᠷ ᠪᠠᠶᠢᠵᠦ᠂ ᠶᠠᠯᠠᠳᠦ ᠠᠵᠢᠯᠯᠠᠭ᠎ᠠ ᠭᠢᠭᠦ ᠳᠤ ᠭᠦᠷᠳᠡᠭ ᠰᠢᠦ︕     ᠪᠠᠭᠠᠴᠣᠳ ᠲᠡᠭᠦᠦᠨᠡᠷ ᠮᠢᠨᠢ ᠡ︕ ᠮᠠᠭᠤ ᠭᠡᠷᠡᠭ ᠢ ᠪᠠᠭ᠎ᠠ ᠭᠡᠵᠦ ᠪᠢᠳᠡᠭᠡᠢ ᠪᠠᠰᠣ︕ ᠶᠠᠭᠠᠭᠢᠭᠰᠠᠨ ᠴᠣ᠋ ᠪᠢᠳᠡᠭᠡᠢ ᠬᠢ︕ ᠰᠠᠶᠢᠨ ᠭᠡᠷᠡᠭ ᠢ ᠪᠠᠭ᠎ᠠ ᠭᠡᠵᠦ ᠪᠢᠳᠡᠭᠡᠢ ᠭᠤᠯᠣ︕ ᠭᠡᠵᠢᠶᠡᠳᠠ ᠭᠢᠵᠦ ᠪᠠᠢ︕
 
ᠢᠷᠡᠯᠲᠡ᠄ ᠰᠦᠨᠢᠳ ᠵᠡᠬᠦᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶᠠᠨ ᠠᠴᠠ ᠬᠠᠨᠭ᠍ᠭᠠᠪᠠ᠃
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号