ᠰᠦᠨᠢᠤᠨ ᠵᠡᠬᠦᠨ ᠬᠤᠰᠢᠭᠤ ᠡᠨᠡ ᠵᠢᠯ 300 ᠡᠷᠦᠭᠡ ᠲᠠᠢ ᠬᠤᠨᠢᠨ ᠤ | ᠠᠵᠦ ᠦᠢᠯᠡᠰ ᠤᠨ ᠮᠦᠷᠳᠡᠨ ᠨᠡᠭᠡᠮᠵᠢᠯᠡᠬᠦ ᠰᠢᠰᠲ᠋ᠧᠮ ᠤᠨ ᠭᠡᠷ᠎ᠠ ᠳᠤᠬᠳᠠᠪᠠ | | | ᠰᠦᠨᠢᠳ ᠵᠡᠬᠦᠨ ᠬᠤᠰᠢᠭᠤ ᠪᠥᠬᠦ ᠠᠶᠢᠮᠠᠭ ᠤᠨ ᠬᠤᠨᠢᠨ ᠤ ᠠᠵᠦ ᠦᠢᠯᠡᠰ ᠤᠨ ᠪᠥᠬᠦ ᠶᠠᠪᠤᠴᠠ ᠶᠢ ᠮᠦᠷᠳᠡᠨ | ᠨᠡᠭᠡᠮᠵᠢᠯᠡᠬᠦ ᠰᠢᠰᠲ᠋ᠧᠮ ᠤᠨ ᠪᠠᠶᠢᠭᠤᠯᠤᠯᠳᠠ ᠶᠢᠨ ᠳᠤᠷᠰᠢᠯᠳᠠ ᠶᠢᠨ ᠬᠤᠰᠢᠭᠤ ᠪᠠ ᠦᠪᠡᠷᠳᠡᠬᠡᠨ ᠵᠠᠰᠠᠬᠤ ᠤᠷᠤᠨ ᠤ | ᠮᠠᠯᠵᠢᠬᠤ ᠤᠷᠤᠨ ᠤ ᠶᠡᠷᠤᠩᠬᠡᠶᠢᠯᠡᠭᠰᠡᠨ ᠦᠬᠡᠷᠡᠴᠢᠯᠡᠯᠳᠡ ᠶᠢᠨ ᠵᠢᠱᠢᠶ᠎ᠡ ᠦᠵᠡᠬᠦᠯᠬᠦ ᠬᠤᠰᠢᠭᠤ ᠪᠤᠯᠤᠭᠰᠠᠨ ᠤ ᠬᠤᠪᠢ ᠳᠤ᠂ | ᠰᠦᠨᠢᠳ ᠬᠤᠨᠢᠨ ᠤ ᠠᠯᠲᠠᠷᠰᠢᠯ ᠢ ᠨᠡᠩ ᠥᠷᠭᠡᠵᠢᠬᠦᠯᠵᠥ᠂ ᠮᠠᠯᠴᠢᠳ ᠲᠤ ᠨᠡᠩ ᠶᠡᠭᠡ ᠠᠰᠢᠭ ᠬᠦᠷᠳᠡᠭᠡᠬᠦ ᠶᠢᠨ ᠲᠦᠯᠦᠭᠡ | ︽ᠬᠤᠷᠰᠢᠶᠠᠵᠢᠯ + ᠠᠵᠦ ᠠᠬᠤᠢᠢᠯᠠᠯ + ᠡᠯᠧᠺᠳ᠋ᠷᠤᠨ ᠬᠤᠳᠠᠯᠳᠤᠭ᠎ᠠ︾ ᠬᠡᠯᠪᠡᠷᠢ ᠶᠢᠨ ᠬᠤᠨᠢᠨ ᠤ ᠠᠵᠤ | ᠤᠶᠢᠯᠡᠰᠵᠢᠯᠳᠠ ᠶᠢᠨ ᠬᠠᠷᠢᠯᠴᠡᠨ ᠠᠰᠢᠭ ᠬᠤᠯᠪᠤᠯᠲᠤᠭᠰᠠᠨ ᠪᠡ ᠦᠷ᠎ᠡ ᠠᠰᠢᠭ ᠢ ᠬᠠᠮᠳᠤᠪᠡᠷ ᠡᠳ᠋ᠯᠡᠬᠦ ᠲᠤᠭᠲᠠᠴᠠ ᠶᠢ | ᠢᠲᠡᠪᠬᠢᠲᠡᠢ ᠲᠠᠯᠬᠡᠷᠡᠬᠦᠯᠵᠥ᠂ ᠡᠨᠡ ᠵᠢᠯ 25 ᠲᠦᠮᠡᠨ ᠬᠤᠨᠢᠨ ᠳᠤ ᠡᠯᠧᠺᠲᠷᠤᠨ ᠡᠭᠡᠮᠦᠭ ᠵᠡᠬᠦᠯᠬᠡᠬᠦ ᠪᠠᠷ ᠳᠤᠭᠲᠠᠪᠠ᠃ | ᠡᠬᠦᠨ ᠳᠤ ᠮᠠᠯᠵᠢᠬᠤ ᠤᠷᠤᠨ ᠤ ᠶᠡᠷᠤᠩᠬᠡᠶᠢᠯᠡᠭᠰᠡᠨ ᠦᠬᠡᠷᠡᠴᠢᠯᠠᠯᠳᠠ ᠶᠢᠨ ᠠᠯᠪᠡᠨ ᠬᠡᠷ ᠠᠴᠠ 15 ᠲᠦᠮᠡᠨ ᠬᠤᠨᠢᠨ ᠤ | ᠰᠤᠷᠠᠭ ᠴᠢᠮᠡᠭᠡ ᠶᠢ ᠨᠠᠷᠢᠨ ᠲᠡᠩᠰᠡᠯᠡᠵᠤ᠂ ᠮᠠᠯᠵᠢᠬᠤ ᠡᠷᠦᠭᠡ᠂ ᠬᠤᠷᠰᠢᠶᠠᠵᠢᠯ᠂ ᠠᠵᠦ ᠠᠬᠤᠢᠢᠯᠠᠯ᠂ ᠮᠦᠷᠳᠡᠨ ᠨᠡᠭᠡᠮᠵᠢᠯᠡᠬᠦ | ᠰᠢᠰᠲ᠋ᠧᠮ ᠲᠦᠷᠪᠡᠨ ᠲᠠᠯ᠎ᠠ ᠪᠠᠷ ᠭᠡᠷ᠎ᠠ ᠲᠤᠭᠳᠠᠬᠤ ᠭᠡᠯᠪᠡᠷᠢ ᠪᠠᠷ ᠨᠡᠶᠢᠳᠡ 20 ᠬᠤᠷᠰᠢᠶᠠᠵᠢᠯ ᠤᠨ 300 ᠡᠷᠦᠭᠡ ᠲᠠᠢ | ᠰᠦᠨᠢᠳ ᠬᠤᠨᠢᠨ ᠤ ᠮᠦᠷᠳᠡᠨ ᠨᠡᠭᠡᠮᠵᠢᠯᠡᠬᠦ ᠰᠢᠰᠲ᠋ᠧᠮ ᠤᠨ ᠭᠡᠷ᠎ᠠ ᠲᠤᠠᠠᠳᠠᠪᠡ ᠃ ᠭᠠᠨᠭ᠍ᠵᠤᠷᠢᠭ ᠤᠨ ᠬᠢᠨ ᠪᠤᠯ ︽ᠰᠢᠮᠡᠳᠤ︾ | ᠮᠠᠯ ᠠᠵᠦ ᠠᠬᠤᠢ ᠶᠢᠨ ᠬᠤᠷᠰᠢᠶᠠᠵᠢᠯ ᠢᠶᠠᠷ ᠲᠡᠮᠵᠢᠨ ᠭᠡᠷ᠎ᠠ ᠲᠤᠭᠳᠠᠭᠰᠠᠨ ᠮᠠᠯᠴᠢᠨ ᠡᠷᠦᠭᠡ ᠪᠤᠯᠤᠨ᠎ᠠ᠃ ᠳᠡᠬᠦᠨ ᠤ | ᠬᠡᠯᠡᠬᠦ ᠪᠠᠷ᠂ ᠨᠢᠳᠤᠨᠤᠨ ᠲᠤᠰ ᠬᠤᠷᠰᠢᠶᠠᠵᠢᠯ ᠨᠡᠶᠢᠳᠡ 4000 ᠭᠠᠷᠤᠢ ᠬᠤᠨᠢᠨ ᠳᠤ ᠮᠦᠷᠳᠡᠨ ᠨᠡᠭᠡᠮᠵᠢᠯᠡᠬᠦ ᠰᠢᠰᠲ᠋ᠧᠮ ᠤᠨ | ᠭᠡᠷ᠎ᠠ ᠲᠤᠠᠠᠳ᠋ᠬᠠᠰᠡᠨ ᠤ ᠬᠠᠮᠳᠤ ᠦᠪᠡᠷ ᠤᠨ 800 ᠭᠠᠷᠤᠢ ᠬᠤᠨᠢᠨ ᠳᠠᠭᠠᠨ ᠴᠤ ᠡᠯᠧᠺᠲᠷᠤᠨ ᠡᠬᠡᠮᠥᠭ ᠵᠡᠬᠦᠯᠭᠡᠵᠥ᠂ ᠨᠢᠭᠡ | ᠬᠤᠷᠠᠭᠠᠨ ᠠᠴᠠ 30 ᠭᠠᠷᠤᠢ ᠲᠦᠭᠦᠷᠢᠭ ᠤᠷᠤᠯᠭ᠎ᠠ ᠢᠯᠡᠬᠦᠥ ᠤᠯᠵᠥ᠂ ᠮᠦᠷᠳᠡᠨ ᠨᠡᠭᠡᠮᠵᠢᠯᠡᠬᠦ ᠰᠢᠰᠲ᠋ᠧᠮ ᠤᠨ | ᠪᠠᠶᠢᠭᠤᠯᠤᠯᠲᠠ ᠠᠴᠠ ᠮᠠᠯᠴᠢᠳ ᠦᠨᠡᠨᠬᠦ ᠠᠰᠢᠭ ᠬᠦᠷᠳᠡᠨ᠎ᠡ ᠬᠡᠳᠡᠭ ᠢ ᠥᠢᠯᠡᠲᠥᠯᠭᠡ ᠬᠡᠷᠡᠴᠢᠯᠡᠵᠡᠢ᠃ |