ᠰᠦᠨᠢᠤᠨ ᠵᠡᠬᠦᠨ ᠬᠤᠰᠢᠭᠤ ᠡᠨᠡ ᠵᠢᠯ 300 ᠡᠷᠦᠭᠡ ᠲᠠᠢ ᠬᠤᠨᠢᠨ ᠤ ᠠᠵᠦ ᠦᠢᠯᠡᠰ ᠤᠨ ᠮᠦᠷᠳᠡᠨ ᠨᠡᠭᠡᠮᠵᠢᠯᠡᠬᠦ ᠰᠢᠰᠲ᠋ᠧᠮ ᠤᠨ ᠭᠡᠷ᠎ᠠ ᠳᠤᠬᠳᠠᠪᠠ
ᠨᠡᠶᠢᠲᠡᠯᠡᠭᠰᠡᠨ ᠴᠠᠭ᠄
2015/12/17
              ᠰᠦᠨᠢᠤᠨ ᠵᠡᠬᠦᠨ ᠬᠤᠰᠢᠭᠤ ᠡᠨᠡ ᠵᠢᠯ 300 ᠡᠷᠦᠭᠡ ᠲᠠᠢ ᠬᠤᠨᠢᠨ ᠤ               ᠠᠵᠦ ᠦᠢᠯᠡᠰ ᠤᠨ ᠮᠦᠷᠳᠡᠨ ᠨᠡᠭᠡᠮᠵᠢᠯᠡᠬᠦ ᠰᠢᠰᠲ᠋ᠧᠮ ᠤᠨ ᠭᠡᠷ᠎ᠠ ᠳᠤᠬᠳᠠᠪᠠ                                                          ᠰᠦᠨᠢᠳ ᠵᠡᠬᠦᠨ ᠬᠤᠰᠢᠭᠤ ᠪᠥᠬᠦ ᠠᠶᠢᠮᠠᠭ ᠤᠨ ᠬᠤᠨᠢᠨ ᠤ ᠠᠵᠦ ᠦᠢᠯᠡᠰ ᠤᠨ ᠪᠥᠬᠦ ᠶᠠᠪᠤᠴᠠ ᠶᠢ ᠮᠦᠷᠳᠡᠨ ᠨᠡᠭᠡᠮᠵᠢᠯᠡᠬᠦ ᠰᠢᠰᠲ᠋ᠧᠮ ᠤᠨ ᠪᠠᠶᠢᠭᠤᠯᠤᠯᠳᠠ ᠶᠢᠨ ᠳᠤᠷᠰᠢᠯᠳᠠ ᠶᠢᠨ ᠬᠤᠰᠢᠭᠤ ᠪᠠ ᠦᠪᠡᠷᠳᠡᠬᠡᠨ ᠵᠠᠰᠠᠬᠤ ᠤᠷᠤᠨ ᠤ  ᠮᠠᠯᠵᠢᠬᠤ ᠤᠷᠤᠨ ᠤ ᠶᠡᠷᠤᠩᠬᠡᠶᠢᠯᠡᠭᠰᠡᠨ ᠦᠬᠡᠷᠡᠴᠢᠯᠡᠯᠳᠡ ᠶᠢᠨ ᠵᠢᠱᠢᠶ᠎ᠡ ᠦᠵᠡᠬᠦᠯᠬᠦ ᠬᠤᠰᠢᠭᠤ ᠪᠤᠯᠤᠭᠰᠠᠨ ᠤ ᠬᠤᠪᠢ ᠳᠤ᠂ ᠰᠦᠨᠢᠳ ᠬᠤᠨᠢᠨ ᠤ ᠠᠯᠲᠠᠷᠰᠢᠯ ᠢ ᠨᠡᠩ ᠥᠷᠭᠡᠵᠢᠬᠦᠯᠵᠥ᠂ ᠮᠠᠯᠴᠢᠳ ᠲᠤ ᠨᠡᠩ ᠶᠡᠭᠡ ᠠᠰᠢᠭ ᠬᠦᠷᠳᠡᠭᠡᠬᠦ ᠶᠢᠨ ᠲᠦᠯᠦᠭᠡ ︽ᠬᠤᠷᠰᠢᠶᠠᠵᠢᠯ + ᠠᠵᠦ ᠠᠬᠤᠢᠢᠯᠠᠯ + ᠡᠯᠧᠺᠳ᠋ᠷᠤᠨ ᠬᠤᠳᠠᠯᠳᠤᠭ᠎ᠠ︾ ᠬᠡᠯᠪᠡᠷᠢ ᠶᠢᠨ ᠬᠤᠨᠢᠨ ᠤ ᠠᠵᠤ ᠤᠶᠢᠯᠡᠰᠵᠢᠯᠳᠠ ᠶᠢᠨ ᠬᠠᠷᠢᠯᠴᠡᠨ ᠠᠰᠢᠭ ᠬᠤᠯᠪᠤᠯᠲᠤᠭᠰᠠᠨ ᠪᠡ ᠦᠷ᠎ᠡ ᠠᠰᠢᠭ ᠢ ᠬᠠᠮᠳᠤᠪᠡᠷ ᠡᠳ᠋ᠯᠡᠬᠦ ᠲᠤᠭᠲᠠᠴᠠ ᠶᠢ ᠢᠲᠡᠪᠬᠢᠲᠡᠢ ᠲᠠᠯᠬᠡᠷᠡᠬᠦᠯᠵᠥ᠂ ᠡᠨᠡ ᠵᠢᠯ 25 ᠲᠦᠮᠡᠨ ᠬᠤᠨᠢᠨ ᠳᠤ ᠡᠯᠧᠺᠲᠷᠤᠨ ᠡᠭᠡᠮᠦᠭ ᠵᠡᠬᠦᠯᠬᠡᠬᠦ ᠪᠠᠷ ᠳᠤᠭᠲᠠᠪᠠ᠃       ᠡᠬᠦᠨ ᠳᠤ ᠮᠠᠯᠵᠢᠬᠤ ᠤᠷᠤᠨ ᠤ ᠶᠡᠷᠤᠩᠬᠡᠶᠢᠯᠡᠭᠰᠡᠨ ᠦᠬᠡᠷᠡᠴᠢᠯᠠᠯᠳᠠ ᠶᠢᠨ ᠠᠯᠪᠡᠨ ᠬᠡᠷ ᠠᠴᠠ 15 ᠲᠦᠮᠡᠨ ᠬᠤᠨᠢᠨ ᠤ ᠰᠤᠷᠠᠭ ᠴᠢᠮᠡᠭᠡ ᠶᠢ ᠨᠠᠷᠢᠨ ᠲᠡᠩᠰᠡᠯᠡᠵᠤ᠂ ᠮᠠᠯᠵᠢᠬᠤ ᠡᠷᠦᠭᠡ᠂ ᠬᠤᠷᠰᠢᠶᠠᠵᠢᠯ᠂ ᠠᠵᠦ ᠠᠬᠤᠢᠢᠯᠠᠯ᠂  ᠮᠦᠷᠳᠡᠨ ᠨᠡᠭᠡᠮᠵᠢᠯᠡᠬᠦ ᠰᠢᠰᠲ᠋ᠧᠮ ᠲᠦᠷᠪᠡᠨ ᠲᠠᠯ᠎ᠠ ᠪᠠᠷ ᠭᠡᠷ᠎ᠠ ᠲᠤᠭᠳᠠᠬᠤ ᠭᠡᠯᠪᠡᠷᠢ ᠪᠠᠷ ᠨᠡᠶᠢᠳᠡ 20 ᠬᠤᠷᠰᠢᠶᠠᠵᠢᠯ ᠤᠨ 300 ᠡᠷᠦᠭᠡ ᠲᠠᠢ ᠰᠦᠨᠢᠳ ᠬᠤᠨᠢᠨ ᠤ ᠮᠦᠷᠳᠡᠨ ᠨᠡᠭᠡᠮᠵᠢᠯᠡᠬᠦ ᠰᠢᠰᠲ᠋ᠧᠮ ᠤᠨ ᠭᠡᠷ᠎ᠠ ᠲᠤᠠᠠᠳᠠᠪᠡ  ᠃ ᠭᠠᠨᠭ᠍ᠵᠤᠷᠢᠭ ᠤᠨ ᠬᠢᠨ ᠪᠤᠯ ︽ᠰᠢᠮᠡᠳᠤ︾ ᠮᠠᠯ ᠠᠵᠦ ᠠᠬᠤᠢ ᠶᠢᠨ ᠬᠤᠷᠰᠢᠶᠠᠵᠢᠯ ᠢᠶᠠᠷ ᠲᠡᠮᠵᠢᠨ ᠭᠡᠷ᠎ᠠ  ᠲᠤᠭᠳᠠᠭᠰᠠᠨ ᠮᠠᠯᠴᠢᠨ ᠡᠷᠦᠭᠡ ᠪᠤᠯᠤᠨ᠎ᠠ᠃ ᠳᠡᠬᠦᠨ ᠤ ᠬᠡᠯᠡᠬᠦ ᠪᠠᠷ᠂ ᠨᠢᠳᠤᠨᠤᠨ ᠲᠤᠰ ᠬᠤᠷᠰᠢᠶᠠᠵᠢᠯ ᠨᠡᠶᠢᠳᠡ 4000 ᠭᠠᠷᠤᠢ ᠬᠤᠨᠢᠨ ᠳᠤ ᠮᠦᠷᠳᠡᠨ ᠨᠡᠭᠡᠮᠵᠢᠯᠡᠬᠦ ᠰᠢᠰᠲ᠋ᠧᠮ ᠤᠨ ᠭᠡᠷ᠎ᠠ ᠲᠤᠠᠠᠳ᠋ᠬᠠᠰᠡᠨ ᠤ ᠬᠠᠮᠳᠤ ᠦᠪᠡᠷ ᠤᠨ 800 ᠭᠠᠷᠤᠢ ᠬᠤᠨᠢᠨ ᠳᠠᠭᠠᠨ ᠴᠤ ᠡᠯᠧᠺᠲᠷᠤᠨ ᠡᠬᠡᠮᠥᠭ ᠵᠡᠬᠦᠯᠭᠡᠵᠥ᠂ ᠨᠢᠭᠡ ᠬᠤᠷᠠᠭᠠᠨ ᠠᠴᠠ 30 ᠭᠠᠷᠤᠢ ᠲᠦᠭᠦᠷᠢᠭ ᠤᠷᠤᠯᠭ᠎ᠠ ᠢᠯᠡᠬᠦᠥ ᠤᠯᠵᠥ᠂ ᠮᠦᠷᠳᠡᠨ ᠨᠡᠭᠡᠮᠵᠢᠯᠡᠬᠦ ᠰᠢᠰᠲ᠋ᠧᠮ ᠤᠨ ᠪᠠᠶᠢᠭᠤᠯᠤᠯᠲᠠ ᠠᠴᠠ ᠮᠠᠯᠴᠢᠳ  ᠦᠨᠡᠨᠬᠦ ᠠᠰᠢᠭ ᠬᠦᠷᠳᠡᠨ᠎ᠡ ᠬᠡᠳᠡᠭ ᠢ ᠥᠢᠯᠡᠲᠥᠯᠭᠡ ᠬᠡᠷᠡᠴᠢᠯᠡᠵᠡᠢ᠃
 
ᠢᠷᠡᠯᠲᠡ᠄ ᠤᠬᠠᠭᠤᠯᠬᠤ ᠬᠡᠯᠳᠡᠰ ᠤᠨ ᠠᠯᠳᠠᠨᠰᠤᠪᠤᠳ ᠠᠴᠠ ᠬᠠᠩᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号