ᠰᠢᠨ᠎ᠡ ᠺᠤᠮᠫᠢᠦ᠋ᠲ᠋ᠧᠷ ᠤᠨ ᠫᠷᠦᠭᠷᠡᠮ ᠢᠶᠠᠷ ᠦᠮᠡᠨ ᠡᠪᠡᠳᠴᠢᠨ ᠢ ᠠᠩᠬᠠᠨ ᠤ ᠬᠤᠭᠤᠴᠠᠭᠠᠨ ᠳᠤᠨᠢ ᠤᠨᠤᠰᠢᠯᠠᠵᠤ ᠦᠮᠡᠨᠵᠢᠭᠰᠡᠨ ᠤᠷᠤᠨ ᠪᠠᠶᠢᠷᠢ ᠶᠢ ᠨᠢ ᠮᠠᠭᠠᠳᠯᠠᠵᠤ ᠲᠡᠶᠢᠯᠬᠦ ᠪᠤᠯᠪᠠ
ᠨᠡᠶᠢᠲᠡᠯᠡᠭᠰᠡᠨ ᠴᠠᠭ᠄
2017/5/16
            ᠰᠢᠨ᠎ᠡ ᠺᠤᠮᠫᠢᠦ᠋ᠲ᠋ᠧᠷ ᠤᠨ ᠫᠷᠦᠭᠷᠡᠮ ᠢᠶᠠᠷ ᠦᠮᠡᠨ ᠡᠪᠡᠳᠴᠢᠨ ᠢ ᠠᠩᠬᠠᠨ ᠤ             ᠬᠤᠭᠤᠴᠠᠭᠠᠨ ᠳᠤᠨᠢ ᠤᠨᠤᠰᠢᠯᠠᠵᠤ ᠦᠮᠡᠨᠵᠢᠭᠰᠡᠨ ᠤᠷᠤᠨ ᠪᠠᠶᠢᠷᠢ ᠶᠢ ᠨᠢ             ᠮᠠᠭᠠᠳᠯᠠᠵᠤ ᠲᠡᠶᠢᠯᠬᠦ ᠪᠤᠯᠪᠠ          ᠰᠢᠨᠬᠤᠸᠠ ᠬᠤᠷᠢᠶᠠᠨ ᠤ ᠸᠠᠰᠢᠩᠲ᠋ᠤᠨ ᠤ 3 ᠰᠠᠷ᠎ᠠ ᠶᠢᠨ 26 ᠤ ᠡᠳᠤᠷ ᠤᠨ ᠮᠡᠳᠡᠭᠡ  ᠠᠮᠧᠷᠢᠺᠠ ᠶᠢᠨ ᠰᠢᠨᠵᠢᠯᠡᠬᠦ ᠤᠬᠠᠭᠠᠨ ᠤ ᠰᠤᠳᠤᠯᠭᠠᠳᠠᠳ ᠲᠦᠷᠦᠬᠦᠭᠡᠨ ᠳᠤ ᠴᠢᠰᠦᠨ ᠤ ᠦᠯᠢᠭᠡᠷ ᠡᠳ᠋ ᠬᠠᠨᠭ᠍ᠭᠠᠭᠴᠢ ᠶᠢᠨ ᠴᠢᠰᠦᠨ ᠤ ᠦᠯᠢᠭᠡᠷ ᠡᠳ᠋ ᠢ ᠰᠢᠯᠭᠠᠨ ᠬᠡᠮᠵᠢᠵᠤ ᠦᠮᠡᠨ ᠳᠤ ᠨᠡᠷᠪᠡᠭᠳᠡᠭᠰᠡᠨ ᠡᠰᠡᠬᠦ ᠶᠢ ᠨᠢ ᠮᠠᠭᠠᠳᠯᠠᠵᠤ ᠲᠡᠶᠢᠯᠳᠡᠭ ᠨᠢᠭᠡ ᠵᠦᠢᠯ ᠤᠨ ᠰᠢᠨ᠎ᠡ ᠺᠤᠮᠫᠢᠦ᠋ᠲ᠋ᠧᠷ ᠤᠨ ᠫᠷᠦᠭᠷᠡᠮ ᠰᠤᠳᠤᠯᠤᠨ ᠭᠠᠷᠭᠠᠵᠠᠢ᠃ ᠡᠨᠡ ᠬᠦ ᠫᠷᠦᠭᠷᠡᠮ ᠢᠶᠠᠷ ᠦᠮᠡᠨ ᠡᠪᠡᠳᠴᠢᠨ ᠢ ᠠᠩᠬᠠᠨ ᠤ ᠬᠤᠭᠤᠴᠠᠭᠠᠨ   ᠳᠤᠨᠢ ᠤᠨᠤᠰᠢᠯᠠᠵᠤ ᠪᠤᠯᠬᠤ ᠪᠦᠭᠡᠳ ᠪᠠᠰᠠ ᠦᠮᠡᠨ ᠤ ᠡᠰ ᠤᠨ ᠤᠷᠤᠰᠢᠵᠤ ᠪᠠᠶᠢᠭ᠎ᠠ ᠤᠷᠤᠨ ᠪᠠᠶᠢᠷᠢ ᠶᠢ ᠮᠠᠭᠠᠳᠯᠠᠵᠤ ᠲᠡᠶᠢᠯᠦᠨ᠎ᠡ᠃              ᠺᠠᠯᠢᠹᠤᠷᠨᠢᠶ᠎ᠠ ᠶᠡᠭᠡ ᠰᠤᠷᠭᠠᠭᠤᠯᠢ ᠶᠢᠨ ᠯᠣᠰ ᠠᠩᠵᠧᠯᠧᠰ ᠲᠠᠬᠢ ᠬᠤᠪᠢᠶᠠᠷᠢ  ᠰᠤᠷᠭᠠᠭᠤᠯᠢ ᠶᠢᠨ ᠵᠸᠦ ᠰᠢᠶᠠᠩ ᠬᠤᠩ ᠫᠷᠦᠹᠧᠰᠰᠤᠷ ᠤᠨ ᠠᠵᠢᠯ ᠨᠢᠭᠡᠲᠡᠨ ᠲᠠᠢ ᠪᠠᠨ ᠠᠩᠭ᠍ᠯᠢ ᠶᠢᠨ ︽ᠭᠧᠨ ᠤ ᠪᠥᠭᠡᠮ ᠤᠨ ᠠᠮᠢᠳᠤ ᠪᠤᠳᠠᠰ ᠤᠨ ᠤᠬᠠᠭᠠᠨ︾ ᠭᠡᠬᠦ ᠰᠡᠳᠬᠦᠯ ᠳᠤ ᠨᠡᠶᠢᠲᠡᠯᠡᠭᠰᠡᠨ ᠮᠡᠳᠡᠬᠦᠯᠦᠯᠲᠡ ᠠᠴᠠ ᠦᠵᠡᠪᠡᠯ᠂ ᠬᠡᠷᠪᠡ ᠨᠢᠭᠡ ᠬᠦᠮᠦᠨ ᠤ ᠪᠡᠶ᠎ᠡ ᠳᠤ ᠦᠮᠡᠨᠵᠢᠬᠦ ᠪᠠᠶᠢᠳᠠᠯ  ᠭᠠᠷᠪᠠᠯ ᠴᠢᠰᠦᠨ ᠲᠤᠳᠤᠷ᠎ᠠ ᠨᠢ ᠦᠮᠡᠨ ᠤ ᠡᠰ ᠠᠴᠠ ᠢᠷᠡᠯᠲᠡ ᠲᠠᠢ ᠬᠦᠴᠢᠯᠳᠦ᠋ᠷᠦᠭᠴᠢ ᠦᠭᠡᠶᠢᠳᠡᠬᠦᠯᠦᠭᠴᠢ ᠪᠦᠭᠡᠮ ᠰᠢᠬᠢᠷ ᠤᠨ ᠪᠦᠭᠡᠮ ᠬᠦᠴᠢᠯ ︵DNA︶ ᠤᠨ ᠮᠤᠯᠧᠺᠦ᠋ᠯ ᠲᠠᠢ ᠪᠤᠯᠤᠨ᠎ᠠ᠂ ᠰᠢᠨᠵᠢᠯᠡᠬᠦ ᠤᠬᠠᠭᠠᠨ ᠤ ᠰᠤᠳᠤᠯᠭᠠᠳᠠᠳ ᠡᠳᠡᠭᠡᠷ ᠮᠤᠯᠧᠺᠦ᠋ᠯ ᠤᠨ ᠤᠨᠴᠠᠯᠢᠭ ᠲᠤ ᠴᠢᠭᠯᠡᠬᠦᠯᠦᠨ ᠨᠢᠭᠡᠨ ᠲᠤᠭ᠎ᠠ ᠪᠠᠷᠢᠮᠲᠠ ᠶᠢᠨ ᠬᠦᠮᠦᠷᠭᠡ ᠪᠠᠶᠢᠭᠤᠯᠵᠤ᠂ ᠺᠤᠮᠫᠢᠦ᠋ᠲ᠋ᠧᠷ ᠤᠨ ᠫᠷᠦᠭᠷᠡᠮ ᠢᠶᠠᠷ  ᠴᠢᠰᠦᠨ ᠤ ᠦᠯᠢᠭᠡᠷ ᠡᠳ᠋ ᠤᠨ ᠰᠢᠯᠭᠠᠨ ᠬᠡᠮᠵᠢᠯᠲᠡ ᠶᠢᠨ ᠳ᠋ᠦᠩ ᠢ ᠡᠨᠡ ᠬᠦ ᠲᠤᠭ᠎ᠠ ᠪᠠᠷᠢᠮᠲᠠ ᠶᠢᠨ ᠬᠦᠮᠦᠷᠭᠡ ᠲᠠᠢ ᠠᠳᠠᠯᠢᠳᠬᠠᠪᠠᠯ ᠲᠠᠷᠤᠢ ᠴᠢᠰᠦᠨ ᠤ ᠦᠯᠢᠭᠡᠷ ᠡᠳ᠋ ᠬᠠᠨᠭ᠍ᠭᠠᠭᠴᠢ ᠶᠢᠨ ᠦᠮᠡᠨ ᠳᠤ ᠨᠡᠷᠪᠡᠭᠳᠡᠭᠰᠡᠨ ᠡᠰᠡᠬᠦ ᠶᠢ  ᠮᠠᠭᠠᠳᠯᠠᠵᠤ ᠲᠡᠶᠢᠯᠬᠦ ᠪᠦᠭᠡᠳ ᠦᠮᠡᠨ ᠤ ᠡᠰ ᠨᠢ ᠡᠯᠢᠭᠡᠨ ᠳᠤ ᠪᠠᠶᠢᠨ᠎ᠠ ᠤᠤ ᠡᠰᠡᠬᠦᠯ᠎ᠡ ᠠᠭᠤᠰᠬᠢᠨ ᠳᠤ ᠪᠠᠶᠢᠨ᠎ᠠ ᠤᠤ ᠭᠡᠳᠡᠭ ᠢ ᠴᠦ ᠮᠠᠭᠠᠳᠯᠠᠵᠤ ᠲᠡᠶᠢᠯᠦᠨ᠎ᠡ᠃             ᠰᠢᠨᠵᠢᠯᠡᠬᠦ ᠤᠬᠠᠭᠠᠨ ᠤ ᠰᠤᠳᠤᠯᠭᠠᠲᠠᠳ ᠡᠨᠡ ᠬᠦ ᠺᠤᠮᠫᠢᠦ᠋ᠲ᠋ᠧᠷ ᠤᠨ ᠫᠷᠦᠭᠷᠡᠮ ᠢᠶᠠᠷ 29 ᠡᠯᠢᠭᠡᠨ ᠦᠮᠡᠨ  ᠳᠤ ᠨᠡᠷᠪᠡᠭᠳᠡᠭᠴᠢ᠂ 12 ᠠᠭᠤᠰᠬᠢᠨ ᠦᠮᠡᠨ ᠳᠤ ᠨᠡᠷᠪᠡᠭᠳᠡᠭᠴᠢ ᠪᠠ 5 ᠬᠦᠬᠦᠨ ᠪᠤᠯᠴᠢᠷᠬᠠᠢ ᠶᠢᠨ ᠦᠮᠠᠨ ᠳᠤ ᠨᠡᠷᠪᠡᠭᠳᠡᠭᠴᠢ ᠶᠢᠨ ᠴᠢᠰᠦᠨ ᠤ ᠦᠯᠢᠭᠡᠷ ᠡᠳ᠋ ᠲᠤ ᠵᠠᠳᠠᠯᠤᠯᠲᠠ ᠬᠢᠭᠰᠡᠨ ᠪᠠᠶᠢᠨ᠎ᠠ᠂ ᠤᠤᠯ ᠤᠨ ᠬᠤᠶᠠᠷ ᠵᠦᠢᠯ ᠤᠨ ᠪᠠᠶᠢᠡᠭᠭᠤ ᠬᠡᠷᠡᠭᠯᠡᠳᠡᠭ  ᠵᠠᠳᠠᠯᠤᠯᠲᠠ ᠶᠢᠨ ᠠᠷᠭ᠎ᠠ ᠪᠠᠷ ᠤᠯᠤᠭᠰᠠᠨ ᠳ᠋ᠦᠩ ᠲᠠᠢ ᠬᠠᠷᠢᠴᠠᠭᠤᠯᠪᠠᠯ ᠰᠢᠨ᠎ᠡ ᠺᠤᠮᠫᠢᠦ᠋ᠲ᠋ᠧᠷ ᠤᠨ ᠫᠷᠦᠭᠷᠡᠮ ᠤᠨ ᠮᠠᠭᠠᠳᠯᠠᠭᠰᠠᠨ ᠳ᠋ᠦᠩ ᠨᠢ ᠨᠡᠩ ᠤᠨᠤᠪᠴᠢᠲᠠᠢ ᠪᠠᠶᠢᠵᠤ᠂ 80% ᠳᠤ ᠲᠦᠬᠦᠭᠰᠡᠨ ᠪᠠᠶᠢᠨ᠎ᠠ᠃       ᠲᠠᠨᠢᠯᠴᠠᠭᠤᠯᠤᠭᠰᠠᠨ ᠢᠶᠠᠷ᠂ ᠦᠮᠡᠨ ᠤ ᠡᠰ ᠠᠴᠠ ᠡᠬᠦᠰᠦᠭᠰᠡᠨ DNA ᠶᠢᠨ ᠮᠤᠯᠧᠺᠦ᠋ᠯ   ᠨᠢ ᠴᠢᠰᠦᠨ ᠳᠤ ᠬᠡᠳᠤᠢ ᠠᠷᠪᠢᠨ ᠪᠠᠶᠢᠪᠠᠯ᠂ ᠲᠤᠰ ᠫᠷᠦᠭᠷᠡᠮ ᠤᠨ ᠮᠠᠭᠠᠳᠯᠠᠯᠲᠠ ᠨᠢ ᠲᠡᠳᠤᠢ ᠤᠨᠤᠪᠴᠢᠲᠠᠢ ᠪᠤᠯᠤᠨ᠎ᠠ᠃ ᠡᠶᠢᠮᠦ ᠠᠴᠠ ᠬᠦᠬᠦᠨ ᠪᠤᠯᠴᠢᠷᠬᠠᠢ ᠮᠡᠳᠤ ᠶᠢᠨ ᠬᠠᠷᠢᠴᠠᠩᠭᠤᠢ ︽ᠭᠠᠭᠴᠡᠭᠠᠷᠳᠡᠮᠡᠯ︾ ᠡᠷᠭᠡᠳᠡᠨ ᠳᠤ ᠡᠬᠦᠰᠬᠦ ᠦᠮᠡᠨᠵᠢᠯ ᠢ ᠪᠤᠳᠤᠪᠠᠯ᠂ ᠲᠤᠰ ᠫᠷᠦᠭᠷᠡᠮ ᠨᠢ ᠪᠦᠬᠦ ᠪᠡᠶ᠎ᠡ ᠶᠢᠨ ᠴᠢᠰᠦᠨ ᠤ ᠡᠷᠬᠢᠯᠲᠡ ᠳᠤ ᠨᠡᠩ ᠢᠳᠡᠪᠬᠢᠲᠠᠢ ᠤᠷᠤᠯᠴᠠᠳᠠᠭ ᠡᠯᠢᠭᠡ ᠠᠭᠤᠰᠬᠢ ᠮᠡᠳᠤ ᠶᠢᠨ ᠡᠷᠭᠡᠳᠡᠨ ᠳᠤ ᠡᠬᠦᠰᠬᠦ ᠦᠮᠡᠨᠵᠢᠯ ᠢ ᠨᠡᠩ ᠠᠮᠠᠷᠬᠠᠨ ᠮᠠᠭᠠᠳᠯᠠᠵᠤ ᠲᠡᠶᠢᠯᠦᠨ᠎ᠡ᠃       ᠰᠢᠨᠵᠢᠯᠡᠬᠦ ᠤᠬᠠᠭᠠᠨ ᠤ ᠰᠤᠳᠤᠯᠭᠠᠲᠠᠳ ᠤᠨ ᠢᠯᠡᠷᠭᠡᠶᠢᠯᠡᠭᠰᠡᠨ ᠢᠶᠠᠷ᠂ ᠡᠨᠡ ᠬᠦ ᠮᠡᠷᠭᠡᠵᠢᠯ ᠨᠢ ᠠᠩᠬᠠᠨ ᠤ ᠱᠠᠳᠤᠨ ᠳᠠᠭᠠᠨ ᠪᠠᠶᠢᠭ᠎ᠠ ᠪᠤᠯᠪᠠᠴᠦ ᠯᠤᠳᠤ ᠶᠡᠭᠡ ᠲᠠᠯᠳᠠ ᠬᠦᠴᠦᠨ ᠲᠠᠢ ᠶᠤᠮ᠃ ᠤᠴᠢᠷ ᠨᠢ ᠡᠨᠡ ᠪᠤᠯ ᠨᠢᠭᠡ ᠵᠦᠢᠯ ᠤᠨ ᠠᠩᠬᠠᠨ ᠤ ᠬᠤᠭᠤᠴᠠᠭᠠᠨ ᠤ ᠦᠮᠡᠨ ᠢ ᠤᠨᠤᠰᠢᠯᠠᠬᠤ ᠭᠡᠮᠳᠦᠯ ᠦᠭᠡᠢ ᠤᠨᠤᠰᠢᠯᠠᠯᠲᠠ ᠶᠢᠨ ᠮᠡᠷᠭᠡᠵᠢᠯ ᠮᠦᠨ᠂ ᠦᠮᠡᠨ ᠤ ᠠᠩᠬᠠᠨ ᠤ ᠬᠤᠭᠤᠴᠠᠭᠠᠨ ᠳᠤ ᠦᠮᠡᠨ ᠤ ᠡᠰ ᠤᠨ DNA ᠶᠢᠨ ᠮᠤᠯᠧᠺᠦ᠋ᠯ ᠤᠨ ᠴᠢᠰᠦᠨ ᠲᠤᠳᠤᠷᠠᠬᠢ ᠠᠭᠤᠯᠤᠭᠳᠠᠴᠠ ᠨᠢ ᠮᠠᠰᠢ ᠪᠠᠭ᠎ᠠ ᠪᠠᠶᠢᠳᠠᠭ ᠴᠦ ᠲᠤᠰ ᠫᠷᠦᠭᠷᠡᠮ ᠢᠶᠠᠷ ᠮᠦᠨ ᠤᠨᠤᠰᠢᠯᠠᠵᠤ ᠲᠡᠶᠢᠯᠦᠨ᠎ᠡ᠃ ᠲᠡᠷᠡᠴᠢᠯᠡᠨ ᠦᠮᠡᠨ ᠢ ᠬᠡᠳᠤᠢ ᠡᠷᠲᠡ ᠤᠨᠤᠰᠢᠯᠠᠪᠠᠯ ᠡᠳᠡᠭᠡᠷᠡᠬᠦ ᠪᠤᠯᠤᠮᠵᠢ ᠨᠢ ᠲᠡᠳᠤᠢ ᠶᠡᠭᠡ ᠪᠠᠶᠢᠳᠠᠭ᠃                                                        2017.03.28                                                        ᠠᠷᠠᠳ ᠤᠨ ᠰᠦᠯᠵᠢᠶ᠎ᠡ                
 
ᠢᠷᠡᠯᠲᠡ᠄ ᠠᠷᠠᠳ ᠤᠨ ᠰᠦᠯᠵᠢᠶ᠎ᠡ ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号