ᠮᠠᠷᠢᠶ᠎ᠠ ᠪᠠᠨ ᠢᠳᠡᠭᠡᠨ ᠢᠶᠠᠷ ᠰᠢᠭᠤᠷᠠᠭᠤᠯᠬᠤ ᠲᠦᠬᠦᠮ ᠠᠷᠭ᠎ᠠ
ᠨᠡᠶᠢᠲᠡᠯᠡᠭᠰᠡᠨ ᠴᠠᠭ᠄
2017/5/16
        ᠮᠠᠷᠢᠶ᠎ᠠ ᠪᠠᠨ ᠢᠳᠡᠭᠡᠨ ᠢᠶᠠᠷ ᠰᠢᠭᠤᠷᠠᠭᠤᠯᠬᠤ ᠲᠦᠬᠦᠮ ᠠᠷᠭ᠎ᠠ      ᠦᠷᠭᠡᠰᠦᠳᠦ ᠭᠡᠮᠭᠡ᠄ ᠦᠷᠭᠡᠰᠦᠳᠦ ᠭᠡᠮᠭᠡ ᠳᠤ ᠫᠷᠤᠫᠢᠯ ᠠᠯᠺᠤᠤᠯ ᠤᠨ ᠬᠤᠶᠠᠷᠴᠢ ᠬᠦᠴᠢᠯ ᠠᠭᠤᠯᠤᠬᠳᠠᠵᠤ ᠪᠠᠶᠢᠳᠠᠬ᠃ ᠲᠤᠰ ᠪᠤᠳᠠᠰ ᠨᠢ ᠢᠳᠡᠭᠡᠨ ᠲᠤᠳᠤᠷᠠᠬᠢ ᠨᠡᠬᠦᠷᠡᠰᠦ — ᠤᠰᠤᠨ ᠤ ᠨᠢᠭᠡᠳᠦᠯ ᠤᠨ ᠦᠭᠡᠬᠦ ᠪᠤᠯᠬᠤ ᠶᠢ ᠬᠤᠷᠢᠬᠯᠠᠬᠤ ᠦᠢᠯᠡᠳᠦᠯ ᠲᠠᠢ᠃          ᠴᠠᠭᠠᠨ ᠯᠤᠤᠪᠠᠨᠭ᠌᠄ ᠯᠤᠤᠪᠠᠨᠭ᠌ ᠲᠤᠳᠤᠷᠠᠬᠢ ᠭᠠᠶᠢᠮᠤ ᠶᠢᠨ ᠲᠤᠰᠤ ᠨᠢ ᠪᠡᠶ᠎ᠠ ᠲᠤᠳᠤᠷᠠᠬᠢ ᠦᠭᠡᠬᠦᠯᠢᠭ ᠪᠤᠳᠠᠰ ᠢ ᠪᠤᠳᠠᠰ ᠤᠨ ᠰᠤᠯᠢᠯᠴᠠᠭ᠎ᠠ ᠳᠤ ᠤᠷᠤᠯᠴᠠᠬᠤ ᠶᠢ ᠲᠦᠷᠭᠡᠳᠭᠡᠨ ᠦᠭᠡᠬᠦᠯᠢᠭ ᠪᠤᠳᠠᠰ ᠤᠨ ᠬᠤᠷᠠᠮᠳᠤᠬᠤ ᠠᠴᠠ ᠰᠡᠷᠭᠡᠶᠢᠯᠡᠵᠤ ᠴᠢᠳᠠᠨ᠎ᠠ᠃            ᠭᠤᠭᠤᠳ᠄ ᠭᠤᠭᠤᠳ ᠤᠨ ᠲᠤᠳᠤᠷ ᠎ᠠ ᠰᠢᠷᠭᠡᠭᠯᠢᠭ ᠪᠤᠳᠠᠰ ᠠᠷᠪᠢᠨ ᠠᠭᠤᠯᠤᠬᠳᠠᠬᠤ ᠪᠦᠭᠡᠳ ᠠᠮᠠᠷᠬᠠᠨ ᠰᠢᠩᠭᠡᠭᠳᠡᠬᠦ ᠦᠭᠡᠢ᠃ ᠭᠡᠳᠡᠰᠦᠨ ᠤ ᠬᠦᠷᠪᠡᠯᠵᠡᠬᠦ ᠬᠦᠳᠡᠯᠭᠡᠭᠡᠨ ᠢ ᠲᠦᠷᠭᠡᠳᠭᠡᠨ ᠦᠳᠭᠡᠨ ᠮᠦᠷ ᠢ ᠭᠠᠳᠠᠬᠰᠢᠯᠠᠭᠤᠯᠬᠤ ᠦᠢᠯᠡᠳᠦᠯ ᠲᠠᠢ ᠪᠤᠯᠬᠤᠷ ᠭᠡᠳᠡᠰᠦᠨ ᠤ ᠪᠤᠳᠠᠰ ᠤᠨ ᠰᠢᠮ᠎ᠠ ᠶᠢ ᠭᠡᠳᠦᠷᠭᠡᠢ ᠰᠢᠩᠭᠡᠭᠡᠨ ᠠᠪᠬᠤ ᠠᠴᠠ ᠰᠡᠷᠭᠡᠶᠢᠯᠡᠵᠤ ᠴᠢᠳᠠᠨ᠎ᠠ᠃             ᠳ᠋ᠦᠡᠭᠭᠤᠸᠠ᠄ ᠳ᠋ᠦᠡᠭᠭᠤᠸᠠ ᠨᠢ ᠰᠢᠮ᠎ᠠ ᠲᠡᠵᠢᠭᠡᠯ ᠠᠭᠤᠯᠤᠬᠳᠠᠬᠤ ᠭᠡᠮᠵᠢᠶ᠎ᠠ ᠨᠢ ᠪᠠᠭ᠎ᠠ ᠪᠦᠭᠡᠳ ᠪᠡᠶ᠎ᠠ ᠳᠤ ᠬᠤᠷᠠᠮᠳᠤᠬᠰᠠᠨ ᠦᠭᠡᠬᠦ ᠶᠢ ᠵᠠᠳᠠᠷᠠᠭᠤᠯᠬᠤ ᠪᠠ ᠦᠳᠭᠡᠨ ᠮᠦᠷ ᠢ ᠭᠠᠳᠠᠬᠰᠢᠯᠠᠭᠤᠯᠬᠤ ᠦᠢᠯᠡᠳᠦᠯ ᠲᠠᠢ᠃           ᠯᠠᠵᠤᠤ᠄ ᠯᠠᠵᠤᠤ ᠳᠤ ᠯᠠᠵᠤᠤ ᠶᠢᠨ ᠡᠳ᠋ ᠡᠯᠪᠡᠭ ᠠᠭᠤᠯᠤᠬᠳᠠᠵᠤ᠂ ᠦᠭᠡᠬᠦᠨ ᠰᠤᠯᠢᠯᠴᠠᠭ᠎ᠠ ᠶᠢ ᠲᠦᠷᠭᠡᠳᠭᠡᠨ᠂ ᠦᠭᠡᠬᠦ ᠶᠢ ᠵᠠᠳᠠᠷᠠᠭᠤᠯᠵᠤ᠂ ᠦᠭᠡᠬᠦᠯᠢᠭ ᠪᠤᠳᠠᠰ ᠤᠨ ᠪᠡᠶ᠎ᠠ ᠲᠤᠳᠤᠷ᠎ᠠ ᠬᠤᠷᠠᠮᠳᠤᠬᠤ ᠠᠴᠠ ᠰᠡᠷᠭᠡᠶᠢᠯᠡᠵᠤ ᠴᠢᠳᠠᠨ᠎ᠠ᠃              ᠨᠤᠭᠤᠭᠠᠠ ᠪᠤᠳᠠᠰ ᠤᠨ ᠰᠤᠶᠤᠭ᠎ᠠ᠄ ᠤᠰᠤᠨ ᠤ ᠠᠭᠤᠯᠤᠬᠳᠠᠴᠠ ᠦᠨᠳᠦᠷ ᠪᠤᠯᠬᠤᠷ ᠡᠨᠧᠷᠬᠢ ᠪᠠᠭ᠎ᠠ ᠪᠦᠭᠡᠳ ᠢᠳᠡᠭᠰᠡᠨ ᠤ ᠲᠠᠷᠠᠭ᠎ᠠ ᠪᠡᠶ᠎ᠠ ᠲᠤᠳᠤᠷ᠎ᠠ ᠦᠭᠡᠬᠦᠯᠢᠭ ᠪᠤᠳᠠᠰ ᠬᠤᠷᠠᠮᠳᠤᠬᠤ ᠦᠭᠡᠢ᠃              ᠪᠤᠷᠴᠠᠬ ᠪᠠ ᠪᠤᠷᠴᠠᠬ ᠤᠨ ᠲᠦᠷᠦᠯ ᠤᠨ ᠢᠳᠡᠭᠡᠨ᠄ ᠬᠠᠨᠤᠭᠠᠳᠤᠢ ᠦᠭᠡᠬᠦᠨ ᠬᠦᠴᠢᠯ ᠡᠯᠪᠡᠭ ᠠᠭᠤᠯᠤᠬᠳᠠᠬᠤ ᠪᠤᠯᠬᠤᠷ ᠪᠡᠶ᠎ᠠ ᠲᠤᠳᠤᠷᠠᠬᠢ ᠺᠤᠯᠧᠰᠲᠧᠷᠤᠯ ᠢ ᠵᠠᠳᠠᠷᠠᠭᠤᠯᠵᠤ ᠦᠭᠡᠬᠦ ᠶᠢᠨ ᠰᠤᠯᠢᠯᠴᠠᠭ᠎ᠠ ᠶᠢ ᠲᠦᠷᠭᠡᠳᠭᠡᠨ ᠠᠷᠠᠰᠤᠨ ᠲᠤᠤᠷ᠎ᠠ ᠦᠭᠡᠬᠦᠯᠢᠭ ᠪᠤᠳᠠᠰ ᠬᠤᠷᠠᠮᠳᠤᠬᠤ ᠠᠴᠠ ᠰᠡᠷᠭᠡᠶᠢᠯᠡᠵᠤ ᠴᠢᠳᠠᠨ᠎ᠠ᠃          ᠲᠠᠤᠯᠠᠢ ᠶᠢᠨ ᠮᠢᠬ᠎ᠠ᠄ ᠲᠠᠤᠯᠠᠢ ᠶᠢᠨ ᠮᠢᠬᠠᠨ ᠳᠤ ᠤᠭᠤᠷᠠᠬ ᠪᠠ ᠦᠨᠳᠡᠭᠡᠨ ᠹᠤᠰᠹᠤᠷᠳᠤ ᠦᠭᠡᠬᠦ ᠡᠯᠪᠡᠭ ᠠᠭᠤᠯᠤᠬᠳᠠᠵᠤ᠂ ᠦᠭᠡᠬᠦ ᠪᠠ ᠺᠤᠯᠧᠰᠲᠧᠷᠤᠯ ᠴᠦᠭᠡᠨ ᠠᠭᠤᠯᠤᠬᠳᠠᠳᠠᠬ ᠪᠤᠯᠬᠤᠷ ᠨᠢᠭᠡ ᠵᠦᠢᠯ ᠤᠨ ᠰᠢᠮ᠎ᠠ ᠲᠡᠵᠢᠭᠡᠯ ᠡᠯᠪᠡᠭ ᠢᠳᠡᠭᠡᠨ ᠪᠤᠯᠤᠨ᠎ᠠ᠃            ᠵᠢᠭᠠᠰᠤᠨ ᠮᠢᠬ᠎ᠠ᠄ ᠵᠢᠭᠠᠰᠤᠨ ᠮᠢᠬ᠎ᠠ ᠳᠤ ᠤᠯᠠᠨ ᠵᠦᠢᠯ ᠤᠨ ᠬᠠᠨᠤᠭᠠᠳᠤᠢ ᠦᠭᠡᠬᠦᠨ ᠬᠦᠴᠢᠯ ᠡᠯᠪᠡᠭ ᠠᠭᠤᠯᠤᠬᠳᠠᠬᠤ ᠪᠤᠯᠬᠤᠷ ᠺᠤᠯᠧᠰᠲᠷᠤᠯ ᠢ ᠪᠠᠭᠤᠷᠠᠭᠤᠬᠤ ᠦᠢᠯᠡᠳᠦᠯ ᠲᠠᠢ ᠪᠦᠭᠡᠳ ᠯᠤᠬᠰᠢᠭᠤᠨ ᠰᠤᠳᠠᠯ ᠤᠨ ᠬᠠᠳᠠᠭᠤᠷᠠᠯ ᠪᠠ ᠲᠢᠳᠢᠮ ᠯᠤᠬᠰᠢᠭᠤᠨ ᠰᠤᠳᠠᠯ ᠤᠨ ᠴᠢᠨᠠᠷᠳᠠᠢ ᠵᠢᠷᠦᠭᠡᠨ ᠡᠪᠡᠳᠴᠢᠨ ᠡᠬᠦᠰᠬᠦ ᠠᠴᠠ ᠰᠡᠷᠭᠡᠶᠢᠯᠡᠵᠤ ᠴᠢᠳᠠᠨ᠎ᠠ᠃  
 
ᠢᠷᠡᠯᠲᠡ᠄ ᠬᠤᠯᠪᠤᠭ᠎ᠠ ᠰᠦᠯᠵᠢᠶ᠎ᠡ ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号