ᠠᠷᠪᠡᠨ ᠵᠢᠷᠭᠤᠭᠠᠳᠤ ᠴᠤᠶᠢᠵᠠᠮᠰᠤ
ᠨᠡᠶᠢᠲᠡᠯᠡᠭᠰᠡᠨ ᠴᠠᠭ᠄
2018/11/13
             ᠠᠷᠪᠡᠨ ᠵᠢᠷᠭᠤᠭᠠᠳᠤ ᠴᠤᠶᠢᠵᠠᠮᠰᠤ            ᠴᠤᠶᠢᠵᠠᠮᠰᠤ᠂ ᠡᠷᠡᠭᠳᠠᠢ᠂ ᠮᠤᠩᠭᠤᠯ ᠥᠡᠳᠤᠰᠤᠳᠠᠨ᠂ ᠰᠥᠨᠢᠤᠨ ᠵᠡᠭᠦᠨ ᠬᠤᠰᠢᠭᠤᠨ ᠤ ᠠᠷᠤ ᠪᠠᠷᠠᠭᠤᠨ ᠵᠡᠯᠡᠨ ᠤ ᠶᠡᠭᠡ ᠰᠤᠮᠤᠨ ᠤ ᠭᠥᠮᠤᠨ᠃ ᠲᠠᠷᠨ 1891 ᠤᠨ ᠳᠤ ᠬᠤᠳᠠ ᠶᠢᠨ ᠤᠰᠤᠨ ᠤ ᠪᠤᠩᠬᠤᠳᠤ ᠶᠢᠨ ᠪᠠᠭᠤᠴᠨ ᠬᠡᠮᠡᠭᠦ ᠭᠠᠵᠠᠷ ᠠᠷᠠᠤᠨ ᠨᠤᠭᠤᠭᠠᠡᠳᠠᠷ᠎ᠠ ᠶᠢᠨ ᠭᠥᠪᠡᠭᠦᠨ ᠪᠤᠯᠵᠦ ᠵᠠᠶᠠᠭᠠᠵᠠᠢ᠃      ᠴᠤᠶᠢᠵᠠᠮᠰᠤ 5-7 ᠨᠠᠰᠤ ᠭᠥᠷᠳᠠᠯ᠎ᠠ ᠡᠵᠢ ᠪᠠᠨ ᠬᠠᠪᠰᠤᠷᠤᠨ ᠠᠷᠰᠠᠷ ᠠᠵᠢᠯ ᠬᠢᠵᠦ᠂ ᠬᠤᠷᠠᠭ᠎ᠠ ᠲᠤᠭᠤᠯ ᠬᠠᠷᠢᠭᠤᠯᠵᠦ ᠶᠠᠪᠤᠪᠠ᠃      8-15 ᠨᠠᠰᠤ ᠭᠥᠷᠳᠠᠯ᠎ᠠ ᠴᠠᠭᠠᠨ ᠰᠥᠮ᠎ᠠ ᠶᠢᠨ ᠮᠠᠮᠪᠠ ᠳ᠋ᠠᠴᠠᠩ ᠳᠤ ᠡᠮᠴᠢ ᠰᠤᠷᠪᠡ᠃ ᠴᠤᠶᠢᠵᠠᠮᠰᠤ ᠭᠤᠸᠠᠢ ᠪᠤᠯ ᠬᠡᠳᠤᠨ ᠥᠶ᠎ᠠ ᠶᠢᠨ ᠤᠳᠤᠮ ᠤᠨ ᠶᠠᠰᠤ ᠪᠠᠷᠢᠬᠴᠢ ᠪᠤᠯᠤᠨ᠎ᠠ᠃      16 ᠨᠠᠰᠤᠨ ᠠᠴᠠ ᠬᠤᠰᠢᠭᠤ ᠰᠥᠮ᠎ᠠ ᠲᠡᠬᠡᠷ᠎ᠠ ᠰᠠᠭᠤᠵᠦ ᠡᠮᠨᠡᠯᠬᠡ ᠬᠢᠭᠦ ᠶᠢᠨ ᠲᠠᠭᠠᠤ ᠲᠥᠷᠤᠯᠬᠢ ᠤᠷ᠎ᠠ ᠠᠪᠢᠶᠠᠰ᠂ ᠭᠥᠴᠤᠨ ᠴᠢᠳᠠᠯ ᠢᠶᠠᠷ ᠢᠶᠠᠨ ᠬᠤᠯᠠ ᠤᠶᠢᠷ᠎ᠠ ᠶᠢᠨ ᠨᠠᠶᠢᠷ ᠨᠠᠭᠠᠳᠤᠮ ᠳᠤ ᠪᠠᠷᠢᠯᠳᠤᠵᠦ ᠶᠠᠪᠤᠬᠰᠠᠨ ᠶᠤᠮ᠃      ᠲᠠᠷᠨ ᠠᠷᠪᠡᠨ ᠵᠢᠷᠭᠤᠭᠠᠨ ᠨᠠᠰᠤᠨ ᠳᠠᠭᠠᠨ ᠰᠢᠯᠢ ᠶᠢᠨ ᠭᠤᠤᠯ ᠤᠨ ᠴᠢᠭᠤᠯᠭᠠᠨ ᠶᠡᠭᠡ ᠨᠠᠶᠢᠷ ᠤᠨ 512 ᠪᠥᠬᠡ ᠳᠤ ᠤᠷᠤᠵᠦ ᠪᠠᠷᠢᠯᠳᠤᠭᠠᠤᠨ ᠬᠤᠯᠠ ᠤᠶᠢᠷ᠎ᠠ ᠶᠢᠨ ᠬᠤᠰᠢᠭᠤᠨ ᠤ ᠰᠢᠯᠢᠳᠡᠭ ᠰᠠᠶᠢᠨ ᠪᠥᠬᠡᠴᠤᠤᠨ ᠢ ᠲᠠᠷᠠᠭᠠᠯᠠᠨ ᠬᠠᠶᠠᠵᠦ᠂ ᠤᠳᠤᠮᠳᠤ ᠪᠥᠬᠡ ᠶᠢᠨ ᠤᠷ᠎ᠠ ᠤᠬᠠᠭᠠᠨ᠂ ᠪᠢᠷ᠎ᠠ ᠴᠢᠳᠠᠯ ᠢᠶᠠᠨ ᠭᠠᠶᠢᠬᠠᠭᠤᠯᠤᠨ ᠲᠠᠷᠢᠭᠦᠯᠡᠬᠡᠤᠨ ︽ᠠᠷᠪᠡᠨ ᠵᠢᠷᠭᠤᠭᠠᠳᠤ︾ ᠬᠡᠰᠠᠨ ᠠᠯᠳᠠᠷ ᠨᠠᠷ᠎ᠠ ᠶᠢ ᠮᠡᠡᠳᠤᠭᠤᠯᠵᠦ᠂ ᠠᠯᠳᠠᠷᠳᠤ ᠪᠥᠬᠡ ᠶᠢᠨ ᠠᠩᠬᠠᠨ ᠤ ᠠᠯᠬᠤᠮ ᠢᠶᠠᠨ ᠡᠬᠢᠯᠡᠭᠰᠠᠨ ᠪᠢᠯᠠ᠃      ᠠᠯᠳᠠᠷᠳᠤ ᠪᠥᠬᠡ ᠠᠷᠪᠡᠨ ᠵᠢᠷᠭᠤᠭᠠᠳᠤ ᠴᠤᠶᠢᠵᠠᠮᠰᠤ 1958 ᠤᠨ ᠳᠤ ᠲᠠᠷᠠᠬᠠᠬᠭᠤᠯᠠ ᠰᠤᠮᠤᠨ ᠤ ᠮᠡᠡᠳᠠᠯᠳᠤ ᠶᠢᠨ ᠬᠠᠷ᠎ᠠ ᠲᠠᠯ ᠬᠡᠰᠠᠨ ᠭᠠᠵᠠᠷ ᠲᠤ ᠨᠠᠰᠤᠨ ᠰᠠᠭᠦᠳᠠᠷ ᠵᠢᠷᠠᠨ ᠲᠤᠯᠤᠭᠠᠳᠠᠢ ᠲᠠᠭᠠᠯᠠᠯ ᠪᠤᠯᠪᠠ᠃      ᠲᠠᠭᠦᠨ ᠤ ᠲᠥᠷᠤᠭ᠍ᠰᠠᠨ ᠪᠠᠶᠢᠳᠠᠯ ᠲᠥᠯᠤᠪ ᠰᠢᠡᠵᠢ ᠶᠢ ᠲᠤᠷᠠᠤᠡᠪᠡᠯ᠄ ᠪᠠᠶ᠎ᠠ ᠪᠢᠯᠳᠠᠷ ᠪᠥᠳᠤᠭᠦᠨ᠂ ᠵᠢᠷᠭᠤᠭᠠᠨ ᠲᠤᠬᠤᠢ ᠢᠯᠡᠭᠦᠥ ᠥᠡᠳᠤᠷ ᠠᠪᠤᠷᠭᠤ ᠲᠤᠮᠤ ᠪᠠᠶᠢᠵᠦ᠂ ᠪᠤᠷᠤ ᠤᠯᠠᠭᠠᠨ ᠴᠢᠷᠠᠢ ᠲᠠᠢ᠂ ᠨᠢᠳᠤ ᠨᠢ ᠰᠢᠬᠢᠬᠡᠷ ᠪᠤᠯᠪᠠᠴᠤ ᠲᠤᠩ ᠴᠤᠭ ᠰᠥᠯᠳᠠ ᠲᠠᠢ᠂ ᠭᠠᠷ ᠤᠨ ᠠᠯᠠᠭ᠎ᠠ ᠠᠨᠤ ᠲᠠᠪᠢᠭᠦᠷ ᠮᠡᠳᠤ ᠶᠡᠭᠡ᠂ ᠭᠥᠵᠤᠭᠦᠨ ᠤ ᠮᠢᠬ᠎ᠠ ᠨᠢ ᠲᠠᠪᠬᠤᠷᠯᠠᠨ ᠪᠤᠮᠪᠠᠶᠢᠵᠦ᠂ ᠬᠡᠭᠦᠳᠡᠭ ᠴᠠᠬᠡᠵᠢ ᠠᠭᠤᠵᠢᠭᠤ᠂ ᠭᠥᠴᠤ ᠴᠢᠳᠠᠯ ᠬᠡᠮᠵᠢᠶᠠᠯᠠᠰᠢ ᠥᠬᠡᠢ᠂ ᠲᠥᠷᠪᠡᠨ ᠮᠥᠴᠢ ᠲᠡᠭᠰᠢ᠂ ᠬᠠᠪᠢᠷᠭ᠎ᠠ ᠶᠢᠨ ᠶᠠᠰᠤ ᠬᠠᠪᠳᠠᠰᠤ ᠮᠡᠳᠤ ᠤᠡᠴᠠᠭᠠᠢ ᠲᠥᠷᠤᠭ᠍ᠰᠠᠨ ᠭᠥᠮᠤᠨ ᠠᠵᠤᠭᠤ᠃ ᠠᠭᠤᠵᠢᠮ ᠶᠡᠭᠡ ᠶᠠᠩ ᠪᠥ᠋ ︵ᠪᠥᠰ ᠢᠶᠠᠷ ᠬᠢᠭᠰᠡᠨ︶ ᠴᠠᠮᠴᠨ ᠤ ᠪᠠᠨ ᠲᠠᠪᠤᠨ ᠲᠤᠪᠴᠢ ᠶᠢ ᠲᠡᠪᠤᠨ ᠬᠡᠰᠡᠭ ᠮᠥᠡᠭᠭᠦᠨ ᠵᠤᠭᠤᠰ  ᠢᠶᠠᠷ ᠬᠢᠴᠢᠬᠡᠬᠡᠤᠨ ᠡᠮᠤᠰᠭᠦ ᠳᠤ ᠶᠠᠭ ᠯᠠ ᠲᠤᠬᠢᠷᠠᠬᠰᠠᠨ ᠪᠠᠶᠢᠬᠤ ᠠᠴᠠ ᠨᠢ ᠥᠵᠡᠭᠦ ᠳᠤ ᠡᠨᠡ ᠭᠥᠮᠤᠨ ᠥᠨᠡᠬᠡᠷ ᠰᠥᠷᠯᠢᠭ ᠲᠤᠮᠤ᠂ ᠡᠩ ᠤᠨ ᠪᠠᠶ᠎ᠠ ᠮᠠᠬᠠᠪᠤᠤᠨ ᠪᠢᠰᠢ ᠬᠡᠰᠠᠨ ᠨᠢ ᠮᠡᠳᠡᠭᠳᠠᠨ᠎ᠠ᠃      ᠴᠤᠶᠢᠵᠠᠮᠰᠤ ᠭᠤᠸᠠᠢ ᠨᠠᠰᠤᠨ ᠲᠤᠷᠰᠢ ᠬᠠᠯᠬ᠎ᠠ ᠮᠤᠩᠭᠤᠯ ᠤᠨ ᠤᠯᠠᠨ ᠬᠤᠰᠢᠭᠤ ᠵᠢᠴᠢ ᠰᠢᠯᠢ ᠶᠢᠨ ᠭᠤᠤᠯ  ᠤᠨ ᠬᠤᠰᠢᠭᠤᠤᠨ ᠪᠤᠯᠤᠨ ᠲᠥᠷᠪᠡᠤᠨ᠂ ᠲᠠᠷᠬᠠᠨ ᠮᠤᠤᠮᠢᠩᠭᠠᠨ ᠬᠤᠰᠢᠭᠤ ᠵᠡᠷᠬᠡ ᠤᠯᠠᠨ ᠭᠠᠵᠠᠷ ᠤᠨ ᠨᠠᠶᠢᠷ᠂ ᠤᠪᠤᠭᠠᠨ ᠤ ᠨᠠᠶᠢᠷ᠂ ᠰᠥᠮ᠎ᠠ ᠬᠡᠶᠢᠤᠨ ᠤᠨ ᠨᠠᠶᠢᠷ ᠨᠠᠭᠠᠳᠤᠮ ᠲᠡᠬᠡᠷ᠎ᠠ ᠪᠠᠷᠢᠯᠳᠤᠵᠦ ᠶᠠᠪᠤᠬᠤ ᠳᠠᠭᠠᠨ ᠭᠤᠷᠪᠠᠭ᠋ᠠᠨ ᠤᠳᠠᠭ᠎ᠠ ᠯᠠ ᠡᠪᠤᠳᠤᠭ᠌ ᠰᠢᠷᠤᠶᠢᠳᠠᠬᠰᠠᠨ ᠠᠴᠠ ᠪᠤᠰᠤᠤᠨ ᠲᠤᠨᠢ ᠪᠥᠷ ᠲᠠᠷᠢᠭᠦᠯᠡᠵᠦ ᠪᠠᠶᠢᠬᠰᠠᠨ ᠢᠶᠠᠷ 350 ᠭᠠᠷᠤᠢ ᠤᠳᠠᠭ᠎ᠠ ᠲᠠᠷᠢᠭᠦᠯᠡᠭᠰᠠᠨ ᠵᠤᠬᠰᠤᠭ᠎ᠠ ᠪᠥᠬᠡ ᠶᠢᠨ ᠠᠯᠳᠠᠷ ᠢᠶᠠᠨ ᠮᠡᠡᠳᠤᠭᠤᠯᠵᠦ ᠶᠠᠪᠤᠬᠰᠠᠨ ᠲᠠᠤᠬᠡ ᠲᠠᠢ ᠶᠤᠮ᠃ ᠲᠠᠷᠨ ᠥᠪᠡᠷ ᠤᠨ ᠲᠤᠬᠠᠢ ᠶᠠᠷᠢᠬᠤ ᠳᠠᠭᠠᠨ ︽ᠪᠢ ᠡᠬᠡ ᠠᠴᠠ ᠲᠥᠷᠤᠭᠦ ᠳᠤ ᠨᠢᠬᠡ ᠤᠶᠢᠴᠢᠬᠰᠠᠨ᠂ ᠡᠷᠬᠡᠯᠡᠵᠦ ᠶᠠᠪᠤᠭᠠᠤᠨ ᠪᠥᠳᠤᠷᠢᠵᠦ ᠪᠠᠰᠠ ᠨᠢᠬᠡ ᠤᠶᠢᠴᠢᠬᠰᠠᠨ᠂ ᠠᠳᠠ ᠲᠠᠡᠳᠠᠬᠢ ᠨᠠᠶᠢᠷ ᠨᠠᠭᠠᠳᠤᠮ ᠲᠡᠬᠡᠷ᠎ᠠ ᠪᠠᠷᠢᠯᠳᠤᠵᠦ ᠶᠠᠪᠤᠬᠤ ᠳᠠᠭᠠᠨ ᠠᠳᠠᠵᠦ ᠭᠤᠷᠪᠡ ᠯᠠ ᠤᠶᠢᠴᠢᠬᠰᠠᠨ᠂ ᠡᠨᠡ ᠨᠠᠰᠤᠨ ᠳᠠᠭᠠᠨ ᠲᠠᠪᠤ ᠯᠠ ᠤᠶᠢᠴᠢᠬᠰᠠᠨ ᠶᠤᠮ︾ ᠬᠡᠵᠦ ᠶᠥᠮᠦᠷᠯᠢᠭ ᠱᠤᠬᠳᠠᠢ ᠶᠠᠷᠢᠳᠠᠭ ᠪᠠᠶᠢᠬᠰᠠᠨ᠃      ᠲᠠᠭᠦᠨ ᠤ ᠨᠠᠭᠠᠴᠤ ᠨᠢ ︽ᠠᠷᠪᠡᠨ ᠲᠤᠯᠤᠭᠠᠳᠤ︾ ᠴᠤᠯᠠ ᠶᠢ ᠤᠯᠵᠦ᠂ ᠤᠯᠠᠨ ᠭᠠᠵᠠᠷ ᠤᠨ ᠨᠠᠶᠢᠷ ᠲᠡᠬᠡᠷ᠎ᠠ ᠵᠤᠬᠰᠤᠭ᠎ᠠ ᠥᠯᠡᠳᠠᠳᠡᠭ ᠪᠤᠯᠬᠤᠷ ︽ᠠᠭᠤᠯᠠ ᠰᠢᠷᠤᠪ︾ ᠬᠡᠮᠡᠨ ᠠᠯᠳᠠᠷᠰᠢᠵᠠᠢ᠃     ᠴᠤᠶᠢᠵᠠᠮᠰᠤ ᠭᠤᠸᠠᠢ ᠠᠯᠳᠠᠷᠳᠤ ᠪᠥᠬᠡ ᠮᠥᠷᠳᠠᠬᠡᠨ ᠴᠠᠴᠠᠨ ᠡᠮᠴᠢ᠂ ᠨᠠᠷᠠᠳᠤ ᠶᠠᠰᠤ ᠪᠠᠷᠢᠶᠠᠴᠢ᠂ ᠪᠠᠰᠠ ᠭᠠᠷ ᠤᠷᠠᠨ ᠭᠥᠮᠤᠨ ᠶᠤᠮ᠃ ᠲᠡᠷᠨ ᠡᠷᠳᠠᠮ ᠴᠠᠭᠠᠷᠠᠬᠰᠠᠨ ᠡᠮᠴᠢ ᠶᠢᠨ ᠬᠤᠪᠢ ᠪᠠᠷ ᠡᠬᠡᠯ ᠠᠷᠠᠤᠨ ᠤᠨ ᠡᠪᠡᠤᠡᠴᠢᠨ ᠵᠤᠪᠠᠯᠠᠩ ᠢ ᠡᠮᠴᠢᠯᠠᠵᠦ᠂ ᠡᠨᠠᠷᠢᠩᠭᠦᠢ ᠲᠤᠯᠠᠭᠠᠨ ᠵᠥᠬᠡᠯᠡᠨ ᠰᠠᠤᠡᠬᠢᠯ ᠢᠶᠠᠷ ᠪᠤᠰᠤᠤᠨ ᠢ ᠲᠤᠰᠠᠯᠠᠵᠦ ᠶᠠᠪᠤᠬᠰᠠᠨ ᠭᠥᠮᠤᠨ ᠶᠤᠮ᠃      ᠠᠷᠪᠡᠨ ᠵᠢᠷᠭᠤᠭᠠᠳᠤ ᠶᠢᠨ ᠭᠥᠴᠤ ᠴᠢᠳᠠᠯ ᠤᠨ ᠲᠤᠬᠠᠢ ᠤᠯᠠᠨ ᠰᠤᠨᠢᠷᠬᠠᠯᠳᠠᠢ ᠥᠯᠢᠬᠡᠷ ᠤᠳ ᠪᠠᠶᠢᠳᠠᠭ᠃ ᠠᠷᠪᠡᠨ ᠨᠠᠰᠤᠨ ᠳᠠᠭᠠᠨ ᠬᠤᠨᠢᠨ ᠳᠤ ᠭᠥᠳᠤᠯᠤᠭ᠍ᠰᠠᠨ ᠲᠠᠭ᠎ᠠ ᠪᠠᠨ ᠬᠤᠨᠢᠴᠢᠯᠠᠨ ᠪᠤᠭᠤᠵᠦ ᠡᠭᠦᠷᠤᠬᠡᠤᠨ ᠨᠠᠭᠠᠤᠡᠴᠤ ᠪᠠᠶᠢᠬᠰᠠᠨ᠂ ᠬᠤᠤᠡᠳᠤᠭ ᠲᠤ ᠤᠨᠠᠬᠰᠠᠨ ᠲᠤᠷᠤᠮ ᠢ ᠬᠤᠪᠤᠭᠤ ᠰᠢᠭ᠋ ᠲᠠᠳᠠᠵᠦ ᠭᠠᠷᠭᠠᠬᠰᠠᠨ᠂ ᠨᠠᠷᠠᠳᠤ ᠪᠥᠬᠡ ᠪᠤᠶᠢᠤᠡᠳᠠᠭ ᠭᠤᠪᠢ ᠳᠤ ᠨᠢᠬᠡ ᠤᠶᠢᠴᠢᠬᠰᠠᠨ ᠪᠤᠯᠬᠤᠷ ᠲᠠᠷᠠᠭ᠎ᠠ ᠤᠳᠠᠭ᠎ᠠ ᠨᠢ ᠲᠤᠬᠢᠶᠠᠯᠳᠤᠵᠦ᠂ ᠲᠠᠳᠠᠩ ᠤᠨ ᠭᠠᠳᠠᠰᠤᠨ ᠲᠡᠬᠡᠷ᠎ᠠ ᠭᠠᠳᠠᠨ᠎ᠠ ᠬᠡᠵᠦ ᠬᠡᠢ ᠲᠡᠬᠡᠷ᠎ᠠ ᠡᠷᠭᠦᠬᠡᠤᠨ ᠱᠤᠭ ᠭᠠᠷᠭᠠᠵᠦ ᠪᠠᠶᠢᠬᠰᠠᠨ᠃ ᠮᠠᠬᠰᠤᠷ ᠸᠠᠩ ᠤᠨ ᠰᠢᠪᠠᠷᠳᠠᠬᠰᠠᠨ ᠮᠠᠰᠢᠨ ᠢ ᠭᠠᠭᠴᠠᠬᠠᠨ ᠲᠠᠳᠠᠵᠦ ᠭᠠᠷᠭᠠᠬᠰᠠᠨ᠂ ᠲᠡᠷᠬᠡᠨ ᠤ ᠭᠥᠭᠯᠡᠭᠰᠠᠨ ᠮᠤᠷᠢ ᠶᠢ ᠭᠠᠭᠴᠨ ᠭᠠᠷ  ᠢᠶᠠᠷ ᠢᠶᠠᠨ ᠲᠠᠳᠠᠵᠦ ᠭᠥᠡᠳᠠᠯᠠᠨ ᠵᠤᠬᠰᠤᠭᠠᠬᠰᠠᠨ᠂ ᠶᠠᠫᠤᠨ ᠨᠤᠶᠠᠨ ᠢ ᠪᠠᠷᠢᠵᠦ ᠵᠤᠳᠤᠬᠰᠠᠨ ᠤᠮᠤᠭ ᠰᠥᠰᠤ ᠵᠡᠷᠬᠡ ᠠᠯᠢ ᠤᠯᠠᠨ ᠬᠡᠯᠡᠬᠡᠤᠨ ᠪᠠᠷᠠᠰᠢ ᠥᠬᠡᠢ ᠥᠯᠢᠬᠡᠷ ᠮᠡᠳᠤ ᠥᠨᠠᠨ ᠤᠴᠢᠷ ᠤᠳ ᠠᠷᠪᠢᠨ ᠪᠠᠶᠢᠵᠦ ᠤᠳᠤ ᠪᠤᠯᠳᠠᠯ᠎ᠠ ᠤᠯᠠᠨ ᠤ ᠠᠮᠠᠨ ᠵᠤᠭᠤᠭ ᠪᠤᠯᠵᠦ ᠪᠠᠶᠢᠳᠠᠭ ᠰᠠᠨ᠃      1955 ᠤᠨ ᠳᠤ ᠬᠤᠰᠢᠭᠤ ᠠᠷᠠᠤᠨ ᠤᠨ ᠶᠡᠭᠡ ᠨᠠᠶᠢᠷ ᠲᠡᠬᠡᠷ᠎ᠠ ᠠᠯᠳᠠᠷᠳᠤ ᠪᠥᠬᠡ ︽ᠠᠷᠪᠡᠨ ᠵᠢᠷᠭᠤᠭᠠᠳᠤ ︾ ᠴᠤᠶᠢᠵᠠᠮᠰᠤ ᠶᠢ ᠲᠠᠷᠬᠠᠯᠠᠵᠦ ᠠᠯᠳᠠᠷ ᠨᠠᠷ᠎ᠠ ᠶᠢ ᠨᠢ ᠲᠠᠶᠠᠩ ᠳᠤ ᠲᠠᠭᠤᠷᠢᠰᠬᠠᠬᠰᠠᠨ ᠳᠤ᠂ ᠲᠡᠷᠨ ᠵᠠᠩᠬᠢᠶ᠎ᠠ ᠪᠠᠨ ᠨᠤᠳᠤᠭ ᠤᠨ ᠢᠶᠠᠨ ᠰᠠᠶᠢᠨ ᠪᠥᠬᠡ ᠮᠥᠡᠭᠬᠡ ᠶᠢᠨ ᠵᠤᠩᠳᠠᠢ ᠳᠤ ᠶᠡᠭᠦᠯᠡᠵᠦ ᠥᠭᠴᠠᠢ᠃ ᠵᠤᠩᠳᠠᠢ ᠮᠥᠨ ᠴᠦ ᠶᠡᠭᠡ ᠪᠠᠭ᠎ᠠ ᠨᠠᠶᠢᠷ ᠲᠤ 105 ᠤᠳᠠᠭ᠎ᠠ ᠲᠠᠷᠢᠭᠦᠯᠡᠵᠦ᠂ ᠠᠯᠳᠠᠷ ᠨᠠᠷ᠎ᠠ ᠪᠠᠨ ᠮᠡᠡᠳᠤᠭᠤᠯᠵᠦ ᠶᠠᠪᠤᠬᠰᠠᠨ ᠶᠤᠮ᠃      ᠭᠥᠬᠡ ᠲᠡᠭᠷᠢ ᠪᠠᠨ ᠮᠥᠡᠭᠬᠡ ᠴᠠᠯᠮᠡᠭ ᠪᠠᠶᠢᠯᠭᠠᠵᠦ᠂ ᠭᠥᠷᠤᠰᠤᠳᠤ ᠲᠡᠯᠡᠬᠡᠢ ᠪᠠᠨ ᠡᠩᠬᠡ ᠠᠮᠤᠭᠤᠯᠠᠩ ᠪᠤᠯᠭᠠᠵᠦ᠂ ᠭᠥᠮᠤᠨ ᠠᠮᠢᠳᠠᠨ ᠤ ᠪᠠᠶᠠᠷ ᠪᠠᠶᠠᠰᠬᠤᠯᠠᠩ ᠢ ᠭᠥᠰᠠᠵᠦ᠂ ᠭᠥᠴᠤᠳᠤ ᠪᠥᠬᠡ ᠪᠠᠨ ᠬᠡᠶᠢᠮᠤᠷᠢ ᠵᠢᠪᠬᠤᠯᠠᠩ ᠪᠠᠶᠢᠯᠭᠠᠬᠤ ᠶᠢᠨ ᠲᠤᠰᠠ ᠳᠤ᠂ ᠴᠤᠶᠢᠵᠠᠮᠰᠤ ᠭᠤᠸᠠᠢ ᠶᠢᠨ ᠰᠠᠳᠤᠨ ᠲᠥᠷᠤᠯ ᠪᠥᠭᠦᠳᠠᠬᠡᠷ ᠰᠠᠨᠠᠭ᠎ᠠ ᠰᠠᠤᠡᠬᠢᠯ ᠨᠢᠬᠡᠳᠤᠯᠴᠠᠨ᠂ ᠭᠥᠷᠤᠩᠬᠡ ᠪᠠᠯᠡ ᠬᠠᠮᠳᠤᠤᠡᠬᠠᠨ᠂ ᠭᠥᠳᠠᠯᠮᠤᠷᠢ ᠭᠥᠴᠤ ᠤᠷᠤᠭᠤᠯᠤᠨ ᠪᠠᠶᠢᠵᠦ᠂ ᠨᠤᠳᠤᠭ ᠤᠨ ᠢᠶᠠᠨ ᠴᠢᠯᠤᠬᠡᠯᠡᠭᠳᠡᠭᠰᠠᠨ ᠥᠪᠡᠳᠡᠭᠰᠢ ᠶᠡᠭᠡ 50 ᠵᠢᠯ ᠤᠨ ᠤᠢ ᠳᠤ ᠵᠤᠷᠢᠭᠤᠯᠤᠨ᠂ ᠠᠯᠳᠠᠷᠳᠤ ᠪᠥᠬᠡ ᠴᠤᠶᠢᠵᠠᠮᠰᠤ ᠳᠤ ᠠᠰᠢᠳᠠ ᠶᠢᠨ ᠲᠤᠷᠠᠰᠬᠠᠯ ᠪᠤᠯᠭᠠᠵᠦ᠂ ᠮᠡᠡᠳᠠᠯᠳᠤ ᠶᠢᠨ ᠬᠠᠷ᠎ᠠ ᠲᠠᠯ ᠬᠡᠮᠡᠭᠦ ᠭᠠᠵᠠᠷ ᠲᠤ ᠵᠠᠩᠴᠤᠪ ᠴᠤᠶᠢᠳᠤᠨ ᠰᠤᠪᠤᠷᠭ᠎ᠠ ᠴᠤᠬᠴᠠᠯᠠᠨ ᠪᠥᠳᠤᠬᠡᠵᠦ᠂ 1995 ᠤᠨ ᠤ 8 ᠳ᠋ᠤᠭᠠᠷ ᠰᠠᠷ᠎ᠠ ᠶᠢᠨ 1 ᠳᠤ ᠶᠡᠭᠡ ᠨᠠᠶᠢᠷ ᠬᠢᠵᠦ᠂ ᠭᠥᠰᠢᠶ᠎ᠠ ᠪᠤᠰᠬᠠᠨ ᠲᠤᠷᠠᠰᠬᠠᠨ ᠲᠠᠮᠳᠡᠭᠯᠡᠪᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号