ᠲᠠᠯᠳᠠᠤ᠂ ᠲᠠᠪᠤᠳᠠᠢ
ᠨᠡᠶᠢᠲᠡᠯᠡᠭᠰᠡᠨ ᠴᠠᠭ᠄
2018/11/7
              ᠲᠠᠯᠳᠠᠤ᠂ ᠲᠠᠪᠤᠳᠠᠢ      ᠲᠠᠯᠳᠠᠤ᠂ ᠲᠠᠪᠤᠳᠠᠢ ᠬᠡᠭᠦ ᠠᠬ᠎ᠠ ᠲᠠᠭᠦᠥ ᠬᠤᠶᠠᠷ ᠪᠤᠯ ᠠᠷᠪᠡᠨ ᠶᠢᠰᠤᠳᠤᠬᠡᠷ ᠵᠠᠭᠤᠨ ᠤ ᠰᠠᠭᠦᠯᠴᠢ ᠶᠢᠨ ᠥᠶ᠎ᠠ ᠳᠤ ᠰᠥᠨᠢᠤᠨ ᠵᠡᠭᠦᠨ ᠭᠠᠷ ᠤᠨ ᠬᠤᠰᠢᠭᠤᠨ ᠤ ᠠᠷᠤ ᠵᠡᠭᠦᠨ ᠵᠠᠯᠠᠨ ᠤ ᠪᠤᠳᠠᠷ ᠰᠤᠮᠤ ︵ᠤᠤᠯ ᠪᠠᠶᠠᠡᠳᠤᠯᠠᠭᠠᠨ ᠰᠤᠮᠤᠨ ᠤ ᠨᠤᠳᠤᠭ︶ ᠶᠢᠨ ᠨᠤᠳᠤᠭ ᠲᠤ ᠠᠵᠦ ᠲᠥᠷᠤᠨ ᠠᠮᠢᠳᠤᠷᠠᠵᠦ ᠪᠠᠶᠢᠬᠰᠠᠨ ᠨᠢᠬᠡᠨ ᠥᠶ᠎ᠠ  ᠶᠢᠨ ᠠᠯᠳᠠᠷ ᠴᠤᠤᠳᠤ ᠪᠥᠬᠡᠴᠢᠨ ᠶᠤᠮ᠃      ᠲᠠᠯᠳᠠᠤ᠂ ᠲᠠᠪᠤᠳᠠᠢ ︵ᠲᠠᠯᠳᠠᠤ ᠶᠢᠨ ᠲᠠᠭᠦᠥ︶ ᠠᠬ᠎ᠠ ᠲᠠᠭᠦᠥ ᠬᠤᠶᠠᠷ ᠢ ᠪᠠᠭ᠎ᠠ ᠪᠠᠶᠢᠬᠤ ᠳᠤᠨᠢ ᠡᠴᠢᠬᠡ ᠨᠢ ᠭᠥᠡᠳᠤ ᠡᠪᠡᠤᠡᠴᠢᠨ ᠢᠶᠠᠷ ᠨᠠᠰᠤ ᠪᠠᠷᠠᠬᠰᠠᠨ ᠪᠤᠯᠬᠤᠷ ᠲᠠᠯᠳᠠᠤ᠂ ᠲᠠᠪᠤᠳᠠᠢ ᠬᠤᠶᠡᠷ ᠡᠬᠡ ᠶᠢᠨ ᠢᠶᠠᠨ ᠭᠠᠷ ᠲᠠᠢ ᠶᠠᠳᠠᠭᠤᠬᠠᠨ ᠠᠮᠢᠳᠤᠷᠠᠯ ᠲᠠᠢ ᠥᠰᠴᠤ ᠪᠤᠶᠢᠵᠢᠵᠠᠢ᠃ ᠥᠨᠤᠴᠢᠨ ᠬᠤᠶᠠᠷ ᠭᠥᠥ ᠪᠠᠨ ᠭᠥᠮᠤᠨ ᠤ ᠵᠡᠷᠬᠡ ᠳᠤ ᠭᠥᠷᠬᠡᠭᠦ ᠶᠤᠮ ᠬᠡᠵᠦ ᠭᠥᠬᠡᠷᠤᠭᠦᠢ ᠡᠵᠢ ᠨᠢ ᠪᠠᠶᠠᠨ ᠠᠶᠢᠯ ᠳᠤ ᠭᠥᠷᠴᠤ ᠶᠠᠪᠤᠨ᠂ ᠠᠮᠢ ᠵᠢᠭᠤᠵᠦ᠂ ᠬᠤᠶᠠᠷ ᠬᠡᠤᠬᠡᠤᠨ ᠢᠶᠠᠨ ᠲᠠᠵᠢᠬᠡᠨ ᠥᠰᠬᠡᠭᠦ ᠶᠢᠨ ᠲᠥᠯᠤᠬᠡ ᠪᠠᠶ᠎ᠠ ᠰᠠᠤᠡᠬᠢᠯ ᠢᠶᠠᠨ ᠵᠥᠳᠠᠬᠡᠵᠦ᠂ ᠨᠢᠬᠡᠨ ᠡᠬᠡ ᠭᠥᠮᠤᠨ ᠤ ᠠᠷᠢᠭᠤᠨ ᠲᠠᠷᠬᠠᠨ ᠬᠠᠶᠢᠷ᠎ᠠ ᠬᠠᠷᠢᠭᠤᠴᠠᠯᠭ᠎ᠠ ᠪᠠᠷ  ᠲᠠᠯᠳᠠᠤ᠂ ᠲᠠᠪᠤᠳᠠᠢ ᠬᠡᠭᠦ ᠠᠬ᠎ᠠ ᠲᠠᠭᠦᠥ ᠬᠤᠶᠠᠷ ᠢ ᠭᠥᠮᠤᠨ ᠤ ᠵᠡᠷᠬᠡ ᠳᠤ ᠭᠥᠷᠬᠡᠵᠠᠢ᠃ ᠲᠠᠯᠳᠠᠤ᠂ ᠲᠠᠪᠤᠳᠠᠢ ᠬᠡᠭᠦ ᠠᠬ᠎ᠠ ᠲᠠᠭᠦᠥ ᠬᠤᠶᠠᠷ ᠬᠠᠷᠠᠬᠠᠨ ᠪᠠᠭ᠎ᠠ ᠠᠴᠠ ᠪᠠᠨ ᠡᠵᠢ ᠪᠠᠨ ᠲᠠᠭᠠᠵᠦ᠂ ᠬᠠᠳᠠᠭᠤ ᠭᠥᠳᠠᠭᠦᠥ ᠠᠮᠢᠳᠤᠷᠠᠯ ᠤᠨ ᠬᠠᠯᠠ ᠵᠤᠪᠠᠯᠠᠩ ᠢ ᠠᠮᠰᠠᠵᠦ᠂ ᠭᠥᠴᠢᠷ ᠪᠡᠷᠬᠡᠰᠢᠶᠠᠯᠳᠤ ᠤᠷᠴᠢᠨ ᠠᠬᠤᠢ ᠳᠤ ᠥᠰᠴᠤ ᠪᠤᠶᠢᠵᠢᠬᠰᠠᠨ ᠪᠤᠯᠬᠤᠷ ᠡᠷᠠᠰ ᠪᠠᠳᠤ ᠬᠠᠳᠠᠨ ᠵᠤᠷᠢᠬᠳᠠᠢ᠂ ᠠᠰᠪᠤᠷᠢ ᠴᠠᠶᠢᠯᠭᠠᠨ ᠵᠠᠩ ᠲᠠᠢ᠂ ᠠᠵᠢᠯᠴᠢ ᠭᠥᠳᠠᠯᠮᠤᠷᠢᠴᠢ᠂ ᠠᠴᠢᠯᠠᠯ ᠵᠢᠷᠤᠮ ᠰᠠᠶᠢᠨ ᠡᠷ᠎ᠠ ᠪᠤᠯᠤᠨ ᠭᠥᠮᠤᠵᠢᠭ᠍ᠳᠡᠵᠦ᠂ ᠭᠠᠭᠴᠨ ᠡᠵᠢ ᠪᠠᠨ ᠠᠴᠢᠯᠠᠨ ᠲᠡᠵᠢᠬᠡᠵᠦ ᠪᠠᠶᠢᠵᠠᠢ᠃      ᠲᠠᠯᠳᠠᠤ᠂ ᠲᠠᠪᠤᠳᠠᠢ ᠬᠤᠶᠠᠷ ᠲᠠᠷᠢᠭᠠᠡᠭᠭ᠎ᠠ ᠶᠢᠨ ᠠᠯᠳᠠᠨ ᠤᠪᠤᠭᠠᠨ ᠤ ᠨᠠᠶᠢᠷ ᠲᠤ ᠠᠩᠬ᠎ᠠ ᠤᠳᠠᠭ᠎ᠠ ᠵᠤᠳᠤᠬᠯᠠᠭᠠᠤᠨ ᠲᠠᠯᠳᠠᠤ ᠲᠠᠷᠢᠭᠦᠯᠡᠵᠦ᠂ ᠠᠴᠢᠳᠤ ᠡᠵᠢ ᠪᠠᠨ ᠪᠠᠶᠠᠷᠯᠠᠭᠤᠯᠵᠦ᠂ ᠠᠶᠢᠯ ᠠᠶᠢᠮᠠᠭ ᠢᠶᠠᠨ  ᠪᠠᠶᠠᠰᠬᠠᠵᠦ ᠪᠠᠶᠢᠵᠠᠢ᠃ ᠡᠭᠦᠨ ᠠᠴᠠ ᠬᠤᠶᠢᠰᠢ ᠲᠠᠯᠳᠠᠤ᠂ ᠲᠠᠪᠤᠳᠠᠢ ᠠᠬ᠎ᠠ ᠲᠠᠭᠦᠥ ᠬᠤᠶᠠᠷ ᠠᠷᠤ ᠲᠠᠪᠢᠨ ᠲᠤᠯᠤᠭᠠᠨ ᠬᠤᠰᠢᠭᠤ ᠂ ᠥᠪᠤᠷ ᠲᠥᠴᠢᠨ ᠶᠢᠰᠤᠨ ᠬᠤᠰᠢᠭᠤᠨ ᠤ ᠤᠯᠠᠨ ᠤᠳᠠᠭᠠᠨ ᠤ ᠬᠤᠰᠢᠭᠤ ᠴᠢᠭᠤᠯᠭᠠᠨ ᠨᠠᠶᠢᠷ᠂ ᠤᠪᠤᠭᠠᠨ ᠨᠠᠶᠢᠷ  ᠤᠳ ᠢᠶᠠᠷ ᠬᠡᠶᠢᠮᠤᠷᠢ ᠰᠠᠷᠭᠦᠬᠡᠨ ᠪᠠᠷᠢᠯᠳᠤᠵᠦ᠂ ᠤᠯᠠᠨ ᠤᠳᠠᠭ᠎ᠠ ᠲᠠᠷᠢᠭᠦᠯᠠᠵᠦ ᠪᠠᠶᠢᠬᠰᠠᠨ ᠠᠴᠠ ᠬᠤᠯᠠ ᠤᠶᠢᠷ᠎ᠠ ᠳᠤ ︽ᠰᠥᠨᠢᠤᠨ ᠤᠨ ᠲᠠᠯᠳᠠᠤ᠂ ᠲᠠᠪᠤᠳᠠᠢ  ︾ ᠬᠡᠮᠡᠨ ᠠᠯᠳᠠᠷᠰᠢᠵᠦ ᠶᠠᠪᠤᠵᠠᠢ᠃      ᠲᠠᠯᠳᠠᠤ ᠡᠪᠡᠤᠡᠴᠢᠨ ᠢᠶᠠᠷ ᠨᠠᠰᠤᠯᠠᠬᠤ ᠥᠶ᠎ᠠ ᠳᠡᠭᠡᠨ ᠲᠠᠭᠦᠥ ᠲᠠᠪᠤᠳᠠᠢ ᠳᠠᠭᠠᠨ ︽ᠡᠵᠢ ᠪᠠᠨ ᠰᠠᠶᠢᠬᠠᠨ ᠠᠴᠢᠯᠠᠵᠦ ᠶᠠᠪᠤᠭᠠᠷᠠᠢ᠂ ᠴᠢ ᠤᠳᠤ ᠡᠵᠢ ᠪᠠᠨ ᠠᠪᠤᠭᠠᠤᠨ ᠠᠪᠠᠭ᠎ᠠ ᠤᠷᠢᠶᠠᠩᠬᠠᠨ ᠳᠤ ᠤᠴᠢᠵᠦ ᠠᠮᠢᠳᠤᠷᠠᠪᠡᠯ ᠲᠡᠬᠡᠷ᠎ᠠ ᠪᠠᠶᠢᠬ᠎ᠠ ᠡ︾ ᠬᠡᠵᠦ ᠬᠡᠷᠢᠶᠠᠰ ᠥᠯᠡᠳᠠᠬᠡᠵᠠᠢ᠃ ᠲᠠᠪᠤᠳᠠᠢ ᠠᠬ᠎ᠠ ᠶᠢᠨ ᠢᠶᠠᠨ ᠬᠡᠷᠢᠶᠠᠰ ᠢ ᠵᠢᠷᠤᠮᠯᠠᠵᠦ᠂ ᠲᠠᠪᠤᠨ ᠬᠠᠨ᠎ᠠ ᠲᠠᠢ ᠮᠤᠩᠭᠤᠯ ᠬᠡᠷ ᠢᠶᠠᠨ ᠪᠠᠭᠯᠠᠵᠦ᠂ ᠲᠡᠬᠡᠷ᠎ᠠ ᠨᠢ ᠨᠠᠰᠤᠳᠠᠢ ᠡᠵᠢ ᠪᠠᠨ ᠰᠠᠭᠤᠯᠭᠠᠵᠦ ᠡᠭᠦᠷᠤᠬᠡᠤᠨ ᠲᠥᠷᠤᠭ᠍ᠰᠠᠨ ᠨᠤᠳᠤᠭ ᠠᠴᠠ ᠪᠠᠨ ᠭᠤᠨᠢᠬᠳᠠᠢ ᠪᠠᠷ ᠰᠠᠯᠵᠦ᠂ ᠠᠪᠠᠭ᠎ᠠ ᠤᠷᠢᠶᠠᠩᠬᠠᠨ ᠤ ᠨᠤᠳᠤᠭ ᠲᠤ ᠤᠴᠢᠵᠦ᠂ ᠪᠠᠶᠠᠨ ᠠᠶᠢᠯ ᠳᠤ ᠭᠥᠴᠤ ᠶᠠᠪᠤᠵᠦ᠂ ᠡᠵᠢ ᠪᠠᠨ ᠠᠴᠢᠯᠠᠨ ᠠᠰᠠᠷᠠᠵᠦ᠂ ᠠᠵᠦ ᠲᠥᠷᠤᠨ ᠠᠮᠢᠳᠤᠷᠠᠨ ᠰᠠᠭᠤᠵᠦ ᠪᠠᠶᠢᠭᠠᠤᠨ ᠡᠵᠢ ᠶᠢ ᠪᠠᠨ ᠶᠠᠳᠠᠷᠠᠬᠤ ᠠᠴᠠ ᠡᠮᠤᠨ᠎ᠠ ᠲᠥᠷᠤᠭ᠍ᠰᠠᠨ ᠨᠤᠳᠤᠭ ᠲᠠᠭᠠᠨ ᠢᠷᠠᠵᠦ ᠠᠮᠢᠳᠤᠷᠠᠵᠦ ᠪᠠᠶᠢᠭᠠᠤᠨ ᠰᠠᠭᠦᠯᠠᠷ ᠨᠢ ᠨᠠᠷᠠᠳᠤ ᠬᠡᠮᠡᠭᠦ ᠭᠠᠵᠠᠷ ᠨᠠᠰᠤ ᠪᠠᠷᠠᠵᠠᠢ᠃      ᠨᠢᠬᠡᠨ ᠥᠶ᠎ᠠ ᠶᠢᠨ ᠠᠯᠳᠠᠷᠳᠤ ᠪᠥᠬᠡ ᠲᠠᠯᠳᠠᠤ᠂ ᠲᠠᠪᠤᠳᠠᠢ ᠶᠢ ᠨᠠᠰᠤᠨ ᠥᠬᠡᠳᠠ ᠪᠤᠯᠤᠬᠰᠠᠨ ᠤ ᠲᠠᠷᠠᠭ᠎ᠠ ᠨᠤᠳᠤᠭ ᠤᠰᠤᠨ ᠤ ᠬᠢᠨᠢ ᠭᠥᠮᠤᠨ ᠠᠷᠠᠤᠨ ᠲᠥᠷᠤᠭ᠍ᠰᠠᠨ ᠬᠡᠷ ᠤᠨ ᠬᠢᠨᠢ ᠪᠠᠭᠤᠷᠢᠨ ᠲᠡᠬᠡᠷ᠎ᠠ ᠴᠢᠯᠠᠭᠤᠨ ᠭᠥᠰᠢᠶ᠎ᠠ ᠪᠤᠰᠬᠠᠵᠦ᠂ ᠲᠤᠷᠠᠰᠤᠨ ᠮᠥᠷᠤᠬᠡᠤᠡᠴᠤ ᠪᠠᠶᠢᠭ᠎ᠠ ᠰᠠᠤᠡᠬᠢᠯ ᠢᠶᠠᠨ ᠢᠯᠡᠤᠡᠬᠡᠵᠦ᠂ ᠮᠥᠡᠭᠬᠡᠳᠠ ᠲᠡᠬᠡᠳᠤᠯᠠᠨ ᠰᠢᠳᠤᠭᠦ ᠪᠤᠯᠵᠠᠢ᠃ ᠡᠭᠦᠨ ᠢ ᠨᠤᠳᠤᠭ ᠤᠨ ᠬᠢᠨ ︽ᠲᠠᠯᠳᠠᠤ᠂ ᠲᠠᠪᠤᠳᠠᠢ ᠶᠢᠨ ᠭᠥᠰᠢᠶ᠎ᠠ︾ ᠬᠡᠳᠡᠭ ᠪᠥᠬᠡᠤᠨ ᠤᠳᠤ ᠮᠥᠨ ᠬᠡᠪ ᠢᠶᠠᠷ ᠢᠶᠠᠨ ᠪᠤᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号