ᠭᠠᠯᠢᠡᠳᠠᠷ᠎ᠠ ᠮᠡᠷᠬᠡᠨ ᠲᠠᠶᠢᠵᠢ
ᠨᠡᠶᠢᠲᠡᠯᠡᠭᠰᠡᠨ ᠴᠠᠭ᠄
2018/11/7
          ᠭᠠᠯᠢᠡᠳᠠᠷ᠎ᠠ ᠮᠡᠷᠬᠡᠨ ᠲᠠᠶᠢᠵᠢ       ᠭᠠᠯᠢᠡᠳᠠᠷ᠎ᠠ ᠮᠡᠷᠬᠡᠨ ᠲᠠᠶᠢᠵᠢ᠂ ᠡᠷᠡᠭᠳᠠᠢ᠂ ᠮᠤᠩᠭᠤᠯ ᠥᠡᠳᠤᠰᠤᠳᠠᠨ᠂ ᠤᠤᠯ ᠤᠨ ᠰᠥᠨᠢᠤᠨ ᠵᠡᠭᠦᠨ ᠭᠠᠷᠤᠨ ᠬᠤᠰᠢᠭᠤᠨ ᠤ ᠠᠷᠤ ᠵᠡᠭᠦᠨ ᠵᠠᠯᠠᠨ ᠤ ᠶᠡᠭᠡ ᠴᠠᠭᠠᠨ ᠰᠤᠮᠤᠨ ᠤ ᠭᠥᠮᠤᠨ ᠪᠤᠯᠤᠨ᠎ᠠ᠃ ᠲᠠᠷᠨ 1842 ᠤᠨ  ᠤ ᠡᠪᠤᠯ ᠤᠨ ᠰᠠᠷ᠎ᠠ ᠳᠤ ︽ᠲᠠᠯᠳᠠᠤ ᠶᠢᠨ ᠪᠠᠭᠤᠴᠨ︾ ᠬᠡᠮᠡᠭᠦ ᠭᠠᠵᠠᠷ ᠪᠤᠷᠵᠢᠬᠢᠨ ᠤᠪᠤᠭᠳᠤ ᠢᠵᠢᠭᠤᠷ ᠤᠨ ᠲᠠᠶᠢᠵᠢ ᠨᠠᠮᠵᠢᠯ ᠤᠨ ᠶᠡᠭᠡ ᠭᠥᠪᠡᠭᠦᠨ ᠪᠤᠯᠤᠨ ᠵᠠᠶᠠᠭᠠᠵᠦ᠂ 1912 ᠤᠨ ᠳᠤ ᠲᠠᠯᠠᠢ ᠰᠥᠮ᠎ᠠ ᠳᠤ 70 ᠨᠠᠰᠤᠨ  ᠳᠠᠭᠠᠨ ᠨᠠᠰᠤ ᠪᠠᠷᠠᠪᠠ᠃       ᠭᠠᠯᠢᠡᠳᠠᠷ᠎ᠠ ᠶᠢᠨ ᠡᠴᠢᠬᠡ ᠨᠠᠮᠵᠢᠯ ᠲᠠᠶᠢᠵᠢ ᠪᠤᠯᠪᠠᠰᠤ ᠡᠴᠢᠬᠡ ᠨᠠᠮᠳᠠᠤᠨ ᠤᠨ ᠢᠶᠠᠨ ᠲᠠᠶᠢᠵᠢ ᠰᠠᠭᠤᠷᠢᠨ ᠪᠠ ᠡᠷᠤᠬᠡ ᠭᠤᠯᠤᠮᠳᠠ᠂ ᠥᠪ ᠭᠥᠷᠤᠩᠬᠡ ᠶᠢ ᠨᠢ ᠵᠠᠯᠭᠠᠮᠵᠢᠯᠠᠨ ᠠᠪᠴᠠᠢ᠃ ᠨᠠᠮᠳᠠᠤᠨ ᠪᠤᠯ ᠠᠵᠦ ᠠᠮᠢᠳᠤᠷᠠᠯ ᠳᠠᠭᠠᠨ ᠵᠥᠪ᠂ ᠮᠠᠯ ᠭᠥᠷᠤᠩᠬᠡ ᠲᠠᠢ ᠪᠠᠶᠢᠬᠰᠠᠨ ᠪᠥᠬᠡᠤᠨ ᠤᠶᠢᠷ᠎ᠠ ᠤᠷᠴᠢᠮ ᠰᠠᠭᠠᠬᠠᠯᠳᠠ ᠳᠠᠭᠠᠨ ᠢᠳᠠᠬᠡᠯ ᠭᠥᠷᠢᠶᠠᠯᠠᠯ ᠲᠠᠢ᠂ ᠨᠤᠮ ᠪᠢᠴᠢᠭ ᠲᠤ ᠴᠠᠭᠠᠷᠠᠬᠰᠠᠨ ᠨᠤᠳᠤᠭ ᠤᠨ ᠲᠤᠮᠤᠭᠠᠳᠠᠨ ᠬᠤᠰᠢᠭᠤ ᠶᠠᠮᠤᠨ ᠤ ᠲᠤᠰᠠᠯᠠᠬᠴᠢ ᠲᠠᠶᠢᠵᠢ ᠪᠠᠶᠢᠵᠠᠢ᠃       ᠨᠠᠮᠵᠢᠯ ᠲᠠᠶᠢᠵᠢ ᠭᠥᠪᠡᠭᠦᠨ ᠭᠠᠯᠢᠡᠳᠠᠷ᠎ᠠ ᠳᠠᠭᠠᠨ ᠬᠠᠷᠠᠬᠠᠨ ᠪᠠᠭ᠎ᠠ ᠠᠴᠠ ᠨᠢ ᠲᠠᠶᠢᠵᠢ ᠢᠵᠠᠭᠤᠷ ᠢᠶᠠᠨ ᠵᠠᠯᠭᠠᠮᠵᠢᠯᠠᠭᠤᠯᠬᠤ ᠭᠥᠰᠠᠯ ᠢᠶᠠᠨ ᠲᠠᠯᠪᠢᠵᠦ ᠨᠡᠢᠮᠡᠨ ᠨᠠᠰᠤᠨ ᠠᠴᠠ ᠨᠢ ᠴᠠᠭᠠᠬᠤᠪᠤᠭ᠎ᠠ ᠰᠥᠮ᠎ᠠ ᠶᠢᠨ ᠨᠠᠷᠠᠳᠤ ᠪᠢᠴᠢᠭ  ᠤᠨ ᠭᠥᠮᠤᠨ ᠪᠠᠯᠳᠠᠨ ᠢ ᠵᠠᠯᠠᠵᠦ ᠮᠤᠩᠭᠤᠯ᠂ ᠲᠥᠪᠡᠤᠨ ᠪᠢᠴᠢᠭ ᠵᠢᠭᠠᠯᠭᠠᠵᠦ᠂ ᠡᠭᠦᠨ ᠤ ᠲᠠᠭᠠᠤ ᠬᠢᠳᠠᠤᠨ ᠪᠢᠴᠢᠭ ᠰᠤᠷᠭᠠᠵᠦ ᠪᠠᠶᠢᠵᠠᠢ᠃       ᠭᠠᠯᠢᠡᠳᠠᠷ᠎ᠠ ᠰᠠᠴᠠᠨ ᠰᠠᠷᠭᠦᠯᠡᠩ᠂ ᠬᠤᠷᠴᠨ ᠠᠪᠢᠶᠠᠰᠤᠯᠢᠭ ᠬᠡᠤᠬᠡᠤᠨ ᠪᠠᠶᠢᠬᠰᠠᠨ ᠲᠤᠯᠠ ᠨᠤᠮ ᠪᠢᠴᠢᠭ ᠰᠤᠷᠬᠤ ᠳᠤ ᠰᠢᠮᠳᠠᠨ ᠡᠴᠢᠬᠡ ᠪᠤᠯᠤᠨ ᠪᠠᠭᠰᠢ ᠶᠢᠨ ᠬᠠᠳᠠᠭᠤ ᠴᠢᠩᠭ᠎ᠠ ᠰᠤᠷᠭᠠᠨ ᠭᠥᠮᠤᠵᠢᠯ ᠢᠶᠠᠷ ᠨᠤᠮ ᠪᠢᠴᠢᠭ ᠲᠤ ᠴᠠᠭᠠᠷᠠᠵᠦ ᠬᠢᠳᠠᠤᠨ ᠪᠢᠴᠢᠭ ᠴᠦ ᠮᠡᠳᠠᠳᠡᠭ ᠰᠤᠶᠤᠯ ᠮᠡᠳᠠᠯᠬᠡ ᠲᠠᠢ ᠭᠥᠮᠤᠨ ᠪᠤᠯᠤᠨ ᠥᠰᠴᠤ ᠪᠤᠶᠢᠵᠢᠭᠠᠤᠨ 1862 ᠤᠨ ᠳᠤ ᠬᠤᠷᠢᠨ ᠨᠠᠰᠤᠨ ᠳᠠᠭᠠᠨ ᠡᠴᠢᠬᠡ ᠶᠢᠨ ᠲᠠᠶᠢᠵᠢ ᠰᠠᠭᠤᠷᠢᠨ ᠢ ᠵᠠᠯᠭᠠᠮᠵᠢᠯᠠᠨ ᠭᠠᠯᠢᠡᠳᠠᠷ᠎ᠠ ᠲᠠᠶᠢᠵᠢ  ᠶᠢᠨ ᠠᠮᠢᠳᠤᠷᠠᠯ ᠤᠨ ᠵᠠᠮ ᠢᠶᠠᠨ ᠡᠯᠭᠦᠵᠦ ᠪᠤᠳᠠᠷ ᠤᠷᠴᠢᠮ ᠨᠤᠳᠤᠬᠯᠠᠵᠦ ᠠᠷᠤ ᠵᠡᠭᠦᠨ ᠵᠠᠯᠠᠨ ᠤ ᠵᠠᠬ᠎ᠠ ᠬᠢᠵᠠᠭᠠᠷ ᠤᠨ ᠬᠠᠷᠠᠭᠤᠯ ᠢ ᠬᠠᠮᠢᠶᠠᠷᠤᠨ ᠰᠠᠭᠤᠵᠦ ᠪᠠᠶᠢᠯ᠎ᠠ ᠬᠡᠳᠡᠭ᠃       ᠭᠠᠯᠢᠡᠳᠠᠷ᠎ᠠ ᠲᠠᠶᠢᠵᠢ᠂ ᠡᠴᠢᠬᠡ ᠶᠢᠨ ᠢᠶᠠᠨ ᠴᠤᠬᠯᠠᠭᠤᠯᠵᠦ ᠬᠠᠳᠠᠭᠠᠯᠠᠬᠰᠠᠨ ᠨᠤᠮ ᠰᠤᠳᠤᠷ ᠢ ᠬᠢᠴᠢᠶᠠᠨ ᠤᠡᠭᠰᠢᠵᠦ ᠤᠯᠠᠨ ᠲᠠᠯ᠎ᠠ ᠶᠢᠨ ᠡᠷᠳᠠᠮ ᠮᠡᠳᠠᠯᠬᠡ ᠡᠵᠡᠮᠰᠢᠵᠦ ᠪᠠᠶᠢᠬᠰᠠᠨ ᠤ ᠲᠠᠭᠠᠤ ᠨᠤᠳᠤᠭ ᠤᠨ ᠪᠤᠭᠤᠷᠤᠯᠴᠤᠤᠨ  ᠠᠴᠠ ᠥᠯᠢᠬᠡᠷ ᠲᠤᠮᠤᠭ᠂ ᠢᠷᠤᠬᠡᠯ ᠮᠠᠬᠳᠠᠭᠠᠯ ᠰᠤᠨᠤᠰᠴᠤ ᠴᠠᠬᠡᠵᠢᠯᠠᠨ ᠥᠷᠬᠡᠨ ᠮᠡᠳᠠᠯᠾ ᠡᠵᠡᠮᠰᠢᠵᠦ ᠶᠠᠪᠤᠵᠠᠢ᠃       ᠭᠠᠯᠢᠡᠳᠠᠷ᠎ᠠ ᠲᠠᠶᠢᠵᠢ ᠨᠠᠷᠠᠳᠤ ᠠᠮᠠᠨ ᠢᠷᠠᠭᠤ ᠨᠠᠶᠢᠷᠠᠬᠴᠢ ᠶᠠᠪᠤᠬᠰᠠᠨ ᠲᠠᠳᠤᠢ ᠥᠬᠡᠢ ᠪᠠᠰᠠ ᠰᠠᠶᠢᠨ ᠮᠤᠩᠭᠤᠯ ᠡᠮᠴᠢ ᠪᠠᠶᠢᠬᠰᠠᠨ᠂ ᠲᠠᠷᠨ ᠪᠠᠭ᠎ᠠ ᠠᠴᠠ ᠪᠠᠨ ᠡᠮᠴᠢ ᠪᠤᠯᠬᠤ ᠭᠥᠰᠠᠯ ᠡᠪᠤᠷᠯᠠᠵᠦ ᠪᠠᠶᠢᠬᠰᠠᠨ ᠴᠦ ᠡᠴᠢᠬᠡ  ᠨᠢ ᠲᠠᠭᠦᠨ ᠤ ᠡᠮᠴᠢ ᠪᠤᠯᠬᠤ ᠳᠤ ᠪᠠᠭ᠋ᠠᠨ ᠲᠤᠷ᠎ᠠ ᠥᠬᠡᠢ ᠪᠠᠶᠢᠵᠠᠢ᠃ ᠬᠡᠳᠠᠯ᠎ᠠ ᠲᠠᠷᠨ ᠡᠴᠢᠬᠡ ᠳᠡᠭᠡᠨ ᠡᠮᠴᠢ ᠪᠤᠯᠵᠦ ᠭᠥᠮᠤᠨ ᠠᠷᠠᠤᠨ ᠤᠨ ᠡᠪᠡᠤᠡᠴᠢᠨ ᠡᠮᠬᠡᠭ ᠢ ᠡᠮᠨᠡᠨ ᠵᠠᠰᠠᠵᠦ ᠡᠨᠠᠷᠢᠩᠭᠦᠢ ᠲᠤᠰᠠ ᠭᠥᠷᠬᠡᠭᠦ ᠶᠢᠨ ᠶᠤᠰᠤ ᠤᠴᠢᠷ ᠢ ᠬᠡᠯᠡᠵᠦ ᠤᠬᠠᠭᠠᠷᠠᠭᠤᠯᠤᠨ ᠰᠠᠭᠦᠯᠠᠷ ᠨᠢ ᠡᠴᠢᠬᠡ ᠶᠢᠨ ᠢᠶᠠᠨ ᠲᠠᠮᠵᠢᠯᠬᠡ ᠪᠠᠷ ᠨᠤᠳᠤᠭ ᠤᠨ ᠢᠶᠠᠨ ᠰᠠᠶᠢᠨ ᠲᠤᠷᠰᠢᠯᠭᠠᠳᠠᠢ ᠮᠤᠩᠭᠤᠯ ᠡᠮᠴᠢ ᠳᠤ ᠱᠠᠪᠢ ᠪᠤᠯᠵᠦ ︽ᠠᠨᠠᠭᠠᠬᠤ ᠤᠬᠠᠭᠠᠨ ᠤ ᠲᠥᠷᠪᠡᠨ ᠥᠡᠳᠤᠰᠤ︾ ᠵᠡᠷᠬᠡ ᠶᠢᠨ ᠡᠮᠨᠡᠯᠬᠡ ᠶᠢᠨ ᠤᠬᠠᠭᠠᠨ ᠢ ᠨᠠᠪᠳᠠᠷᠬᠡᠢ ᠡᠵᠡᠮᠰᠢᠨ ᠨᠤᠳᠤᠭ ᠤᠨ ᠤᠯᠠᠨ ᠳᠠᠭᠠᠨ ᠭᠥᠷᠢᠶᠠᠯᠠᠯ ᠲᠠᠢ ᠰᠠᠶᠢᠨ ᠡᠮᠴᠢ ᠪᠤᠯᠵᠦ ᠭᠥᠮᠤᠨ ᠠᠷᠠᠤᠨ ᠲᠠᠭᠠᠨ ᠲᠤᠰᠠ ᠭᠥᠷᠬᠡᠭᠦ ᠰᠠᠶᠢᠬᠠᠨ ᠭᠥᠰᠠᠯ ᠢᠶᠠᠨ ᠪᠡᠶᠡᠯᠡᠭᠦᠯᠵᠠᠢ᠃       ᠲᠠᠷᠨ ᠡᠮᠴᠢ ᠭᠥᠮᠤᠨ ᠤ ᠥᠷᠤ ᠵᠥᠬᠡᠯᠡᠨ ᠰᠠᠤᠡᠬᠢᠯᠬᠡ᠂ ᠥᠷᠬᠡᠨ ᠲᠠᠯᠬᠡᠷ ᠡᠮᠴᠢᠯᠠᠭᠦ ᠮᠡᠷᠬᠡᠵᠢᠯ ᠢᠶᠠᠷ ᠬᠤᠯᠠ ᠤᠶᠢᠷ᠎ᠠ᠂ ᠪᠠᠶᠠᠨ ᠶᠠᠳᠠᠭᠤ ᠬᠡᠵᠦ ᠢᠯᠭᠠᠯ ᠥᠬᠡᠢ ᠡᠪᠡᠤᠡᠴᠢᠳᠠᠨ ᠵᠤᠪᠡᠯᠡᠩᠳᠠᠨ ᠳᠤ ᠠᠳᠠᠯᠢ ᠬᠠᠨᠳᠤᠵᠦ ᠶᠠᠪᠤᠬᠰᠠᠨ  ᠠᠴᠠ ᠬᠤᠰᠢᠭᠤ ᠨᠤᠳᠤᠭ ᠤᠨ ᠢᠶᠠᠨ ᠠᠷᠠᠤᠨ ᠲᠥᠮᠡᠨ ᠤ ᠢᠳᠠᠬᠡᠯ ᠭᠥᠷᠢᠶᠠᠯᠠᠯ ᠢ ᠤᠯᠵᠠᠢ᠃       ᠭᠠᠯᠢᠡᠳᠠᠷ᠎ᠠ ᠵᠠᠯᠠᠭᠤ ᠪᠠᠭ᠎ᠠ ᠨᠠᠰᠤᠨ ᠳᠠᠭᠠᠨ ᠡᠴᠢᠬᠡ ᠪᠤᠯᠤᠨ ᠨᠤᠳᠤᠭ ᠤᠨ ᠢᠶᠠᠨ ᠵᠢᠩᠴᠢᠨ ᠢ ᠲᠠᠭᠠᠵᠦ ᠠᠯᠤᠰ ᠬᠤᠯᠠ ᠶᠢᠨ ᠠᠶᠠᠨ ᠵᠢᠩ ᠳᠤ ᠶᠠᠪᠤᠵᠦ ᠭᠠᠳᠠᠨᠠᠬᠢ ᠶᠢᠷᠳᠢᠡᠴᠤ ᠲᠠᠢ ᠲᠠᠨᠢᠯᠴᠠᠨ ᠤᠯᠠᠨ ᠶᠠᠭᠤᠮ᠎ᠠ ᠥᠵᠡᠵᠦ ᠬᠠᠷᠠᠵᠦ ᠶᠠᠪᠤᠵᠠᠢ᠃       ᠡᠴᠢᠬᠡ ᠶᠢᠨ ᠢᠶᠠᠨ ᠲᠠᠶᠢᠵᠢ ᠵᠡᠷᠭᠡ ᠶᠢ ᠵᠠᠯᠭᠠᠮᠵᠢᠯᠠᠬᠰᠠᠨ ᠠᠴᠠ ᠬᠤᠶᠢᠰᠢ ᠲᠠᠷᠨ ᠠᠶᠢᠯ ᠰᠠᠭᠠᠬᠠᠯᠳᠠ ᠶᠢᠨ ᠭᠥᠮᠤᠰ ᠬᠠᠮᠳᠤ ᠠᠴᠢᠶ᠎ᠠ ᠲᠤᠷᠪᠢ ᠨᠠᠶᠢᠯᠡᠭᠦᠯᠤᠨ ᠠᠶᠠᠨ ᠵᠢᠩ ᠳᠤ ᠶᠠᠪᠤᠬᠤ ᠳᠠᠭᠠᠨ ᠪᠤᠶᠤ ᠳ᠋ᠠ  ᠭᠥᠷᠢᠶᠠᠨ ᠳᠤ ᠵᠢᠩ ᠪᠠᠷᠠᠭ᠎ᠠ ᠭᠥᠷᠬᠡᠵᠦ᠂ ᠲᠠᠷᠨ ᠥᠶ᠎ᠠ ᠶᠢᠨ ᠮᠡᠡᠵᠦ ᠶᠢᠨ ᠬᠠᠷᠠᠩᠭᠤᠢ ᠨᠤᠶᠠᠷᠬᠠᠯ᠂ ᠰᠢᠷ᠎ᠠ ᠶᠢᠨ ᠱᠠᠰᠢᠨ ᠤ ᠨᠤᠴᠢᠳᠠᠢ ᠮᠤᠩᠬᠠᠷᠠᠭᠤᠯᠤᠯ᠂ ᠹᠸᠤᠳᠠᠯ ᠨᠤᠶᠠᠤᠨ ᠤᠨ ᠬᠠᠷᠬᠢᠰ ᠲᠠᠷᠤᠯᠠᠯ᠂ ᠵᠠᠯᠢᠬᠠᠢ ᠪᠠᠶᠠᠨ᠂ ᠵᠢᠰᠤᠷ ᠬᠤᠳᠠᠯᠳᠤᠭᠠᠴᠢᠨ ᠤ ᠬᠡᠷᠴᠠᠬᠡᠢ ᠮᠥᠯᠵᠢᠯ ᠢ ᠨᠢᠳᠤ ᠪᠠᠷ ᠢᠶᠠᠨ ᠥᠵᠡᠵᠦ᠂ ᠶᠠᠳᠠᠭᠤ ᠵᠥᠳᠠᠭᠦᠥ ᠠᠷᠠᠤᠨ ᠲᠥᠮᠡᠨ ᠤ ᠭᠠᠰᠢᠭᠤᠨ ᠵᠤᠪᠠᠯᠠᠩᠳᠤ ᠠᠵᠦ ᠠᠮᠢᠳᠤᠷᠠᠯ ᠢ ᠭᠥᠡᠵᠡᠬᠡᠢ ᠤᠶᠢᠯᠠᠭᠠᠵᠦ᠂ ᠥᠷᠤ ᠡᠪᠡᠳᠤᠨ ᠪᠤᠳᠤᠯᠭᠠᠰᠢᠷᠠᠵᠦ ᠶᠠᠪᠤᠬᠰᠠᠨ ᠤ ᠬᠤᠪᠢ ᠳᠤ ᠲᠠᠭᠦᠨ ᠤ ᠠᠮᠠᠨ ᠢᠷᠠᠭᠤ ᠨᠠᠶᠢᠷᠠᠭ ᠨᠢ ᠠᠷᠠᠤᠡᠴᠢ ᠴᠢᠨᠠᠷ ᠢᠶᠠᠷ ᠴᠢᠩᠭ᠎ᠠ ᠪᠥᠬᠡᠤᠨ ᠠᠷᠠᠤᠨ ᠲᠥᠮᠡᠨ ᠤ ᠰᠠᠶᠢᠨ ᠰᠠᠶᠢᠬᠠᠨ ᠢ ᠭᠥᠰᠠᠨ ᠡᠷᠠᠮᠠᠯᠵᠠᠯᠠᠵᠦ᠂ ᠰᠢᠭᠠᠷᠤ ᠮᠠᠭᠤᠬᠠᠢ ᠶᠢ ᠢᠯᠠᠴᠢᠯᠠᠨ ᠵᠢᠭᠰᠢᠭᠦ᠂ ᠲᠠᠷᠤᠯᠠᠯ ᠮᠥᠯᠵᠢᠯ ᠢ ᠡᠰᠠᠷᠭᠦᠴᠡᠭᠰᠠᠨ ᠥᠵᠡᠯ ᠰᠠᠨᠠᠭ᠎ᠠ ᠲᠤᠳᠤ ᠲᠤᠮᠤᠷᠠᠭᠠᠤᠨ ᠬᠠᠷᠠᠬᠳᠠᠳᠠᠭ ᠨᠢ ᠲᠠᠭᠦᠨ ᠤ ᠨᠢᠬᠡ ᠨᠠᠰᠤᠨ ᠤ ᠤᠶᠢᠯᠠ ᠠᠵᠢᠯᠯᠠᠭ᠎ᠠ ᠲᠠᠢ ᠨᠢᠬᠳᠠ ᠬᠤᠯᠪᠤᠬᠳᠠᠯ ᠲᠠᠢ ᠶᠤᠮ᠃       ᠭᠠᠯᠢᠡᠳᠠᠷ᠎ᠠ ᠲᠠᠶᠢᠵᠢ ᠶᠢᠨ ᠬᠢᠨ ᠲᠠᠪᠤ ᠵᠢᠷᠭᠤᠭᠠᠨ ᠠᠵᠢᠷᠭ᠎ᠠ ᠠᠳᠤᠭᠤ ᠲᠠᠢ᠂ ᠵᠠᠭᠤ ᠰᠢᠬᠠᠮ ᠥᠬᠡᠷ ᠲᠠᠮᠡᠭᠡ ᠂ ᠭᠤᠷᠪᠡᠨ ᠵᠠᠭᠤᠭᠠᠤᠨ ᠬᠤᠨᠢ ᠲᠠᠢ ᠴᠢᠨᠡᠬᠡᠯᠢᠭ ᠠᠶᠢᠯ ᠪᠠᠶᠢᠬᠰᠠᠨ ᠪᠥᠬᠡᠤᠨ ᠢᠵᠠᠭᠤᠷ ᠲᠠᠶᠢᠵᠢ ᠪᠤᠯᠬᠤᠷ ᠵᠤᠬᠢᠬᠤ ᠡᠷᠬᠡ ᠰᠥᠷ ᠨᠥᠯᠤᠬᠡ ᠪᠥᠭᠦᠢ ᠭᠥᠮᠤᠨ ᠪᠠᠶᠢᠬᠰᠠᠨ ᠴᠦ ᠲᠠᠷᠨ ᠤᠶᠢᠷ᠎ᠠ ᠬᠠᠪᠢ ᠶᠢᠨ ᠶᠠᠳᠠᠭᠤ ᠵᠥᠳᠠᠭᠦᠥ ᠠᠮᠢᠳᠤᠷᠠᠯ  ᠲᠠᠢ ᠠᠶᠢᠯ ᠢ ᠲᠤᠰᠠᠯᠠᠵᠦ ᠠᠶᠠᠨ ᠤ ᠲᠠᠮᠡᠭᠡ ᠪᠠ ᠠᠴᠢᠶ᠎ᠠ ᠪᠠᠷᠠᠭ᠎ᠠ ᠪᠠᠷ ᠲᠠᠤᠡᠭᠦᠳᠡᠭ ᠥᠷᠤᠰᠢᠶᠠᠯ ᠡᠨᠡᠷᠢᠩᠭᠦᠢ ᠰᠠᠤᠡᠬᠢᠯᠬᠡ ᠲᠠᠢ ᠭᠥᠮᠤᠨ ᠶᠠᠪᠤᠬᠰᠠᠨ ᠬᠡᠳᠡᠭ᠃       ᠥᠳᠠᠯᠤᠬᠡ ᠨᠠᠰᠤᠨ ᠳᠠᠭᠠᠨ ᠠᠳᠤᠭᠤᠨ ᠠᠴᠠ ᠪᠠᠨ ᠲᠠᠯᠠᠨ ᠪᠠᠶᠢᠳᠠᠰᠤ ᠭᠠᠷᠭᠠᠵᠦ ᠲᠠᠯᠠᠢ ᠰᠥᠮ᠎ᠠ ᠲᠠᠬᠡᠷ᠎ᠠ ᠵᠠᠰᠠᠮᠠᠯ ᠴᠢᠯᠠᠭᠤᠨ ᠲᠤᠭᠠᠡᠭ ᠪᠠᠶᠢᠭᠤᠯᠵᠦ ᠮᠢᠩᠭᠠᠨ ᠪᠤᠷᠬᠠᠨ ᠪᠥᠳᠤᠬᠡᠨ ᠰᠢᠳᠤᠬᠡᠨ ᠪᠤᠯᠭᠠᠨ ᠲᠠᠬᠢᠵᠠᠢ᠃       ᠭᠠᠯᠢᠡᠳᠠᠷ᠎ᠠ ᠮᠡᠷᠬᠡᠨ ᠲᠠᠶᠢᠵᠢ ᠨᠠᠰᠤᠨ ᠲᠤᠷᠰᠢ ᠳᠠᠭᠠᠨ ᠠᠮᠠᠨ ᠢᠷᠠᠭᠤ ᠨᠠᠶᠢᠷᠠᠭ ᠢᠶᠠᠷ ᠢᠶᠠᠨ ᠬᠤᠷᠴᠨ ᠵᠠᠪᠰᠡᠭ ᠪᠤᠯᠭᠠᠵᠦ᠂ ᠮᠡᠡᠵᠦ ᠴᠢᠩ ᠤᠨ ᠨᠤᠶᠠᠷᠬᠠᠯ ᠲᠠᠯᠬᠢᠯ᠂ ᠬᠠᠷ᠎ᠠ ᠰᠢᠷ᠎ᠠ ᠹᠸᠤᠳᠠᠯ ᠨᠤᠶᠠᠤᠨ᠂ ᠵᠠᠯᠢᠬᠠᠢ ᠪᠠᠶᠠᠨ᠂ ᠵᠢᠰᠤᠷ ᠬᠤᠳᠠᠯᠳᠤᠭᠠᠴᠢᠨ ᠤ ᠡᠰᠠᠷᠭᠦ ᠲᠠᠮᠡᠴᠠᠯ ᠶᠠᠪᠤᠭᠤᠯᠵᠦ ᠭᠥᠳᠠᠯᠮᠤᠷᠢᠴᠢᠨ ᠠᠷᠠᠤᠨ ᠲᠥᠮᠡᠨ ᠢ ᠲᠠᠮᠵᠢᠨ ᠲᠠᠤᠡᠭᠦᠭᠦ  ᠳᠤ ᠭᠥᠴᠤ ᠴᠢᠳᠠᠯ᠂ ᠤᠶᠤᠨ ᠤᠬᠠᠭᠠᠨ ᠢᠶᠠᠨ ᠵᠤᠷᠢᠭᠤᠯᠵᠦ ᠶᠠᠪᠤᠬᠰᠠᠨ ᠠᠷᠠᠤᠨ ᠤᠨ ᠨᠠᠷᠠᠳᠤ ᠠᠮᠠᠨ ᠢᠷᠠᠭᠤ ᠨᠠᠶᠢᠷᠠᠬᠴᠢ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号