ᠪᠥᠬᠡ ᠪᠢᠯᠢᠭᠳᠦ
ᠨᠡᠶᠢᠲᠡᠯᠡᠭᠰᠡᠨ ᠴᠠᠭ᠄
2018/11/7
            ᠪᠥᠬᠡ ᠪᠢᠯᠢᠭᠳᠦ      ᠪᠥᠬᠡ ᠪᠢᠯᠢᠭᠳᠦ ᠪᠤᠯ 1860 ᠤᠨ ᠳᠤ ᠰᠥᠨᠢᠤᠨ ᠵᠡᠭᠦᠨ ᠬᠤᠰᠢᠭᠤᠨ ᠤ ᠪᠠᠶᠢᠷᠢᠡᠬᠭᠤᠯᠠ ᠶᠢᠨ ᠡᠮᠤᠨ᠎ᠠ ᠤᠷᠤᠰᠢᠬᠤ ᠲᠥᠯᠡᠬᠡᠨ ᠬᠤᠤᠡᠳᠤᠭ ᠬᠡᠰᠠᠨ ᠭᠠᠵᠠᠷ ᠶᠠᠳᠠᠭᠤ ᠠᠷᠠᠤᠨ ᠭᠤᠨᠭ᠍ᠴᠤᠬᠳᠤᠷᠵᠢ ᠶᠢᠨ ᠥᠷ᠎ᠠ ᠶᠢᠨ ᠭᠠᠭᠴᠨ ᠭᠥᠪᠡᠭᠦᠨ ᠪᠤᠯᠤᠨ ᠵᠠᠶᠠᠭᠠᠵᠠᠢ᠃      ᠪᠥᠬᠡ ᠪᠢᠯᠢᠭᠳᠦ ᠪᠤᠯ ᠰᠥᠨᠢᠤᠨ ᠨᠤᠳᠤᠭ ᠤᠨ ᠨᠢᠬᠡᠨ ᠥᠶ᠎ᠠ ᠶᠢᠨ ᠰᠠᠶᠢᠨ ᠪᠥᠬᠡ ᠪᠠᠶᠢᠵᠦ᠂ ᠪᠥᠬᠡ ᠶᠢᠨ ᠤᠷ᠎ᠠ ᠮᠡᠭᠡ᠂ ᠪᠢᠷ᠎ᠠ ᠴᠢᠳᠠᠯ᠂ ᠪᠠᠶ᠎ᠠ ᠪᠢᠯᠳᠠᠷ ᠢᠶᠠᠷ ᠤᠯᠠᠨ ᠳᠤ ᠪᠢᠰᠢᠷᠡᠭᠳᠡᠭᠰᠠᠨ ᠰᠤᠳᠤᠨ ᠪᠥᠬᠡ ᠶᠢᠨ ᠨᠢᠬᠡ ᠶᠤᠮ᠃ ᠲᠠᠷᠨ ᠬᠡᠷ ᠡᠷᠤᠬᠡ ᠶᠠᠳᠠᠭᠤ ᠪᠤᠯᠬᠤᠷ ᠸᠠᠩ ᠤᠨ ᠤᠷᠳᠤᠨ᠂ ᠰᠥᠮ᠎ᠠ ᠬᠡᠶᠢᠤᠨ ᠤᠨ ᠠᠶᠠᠡᠴᠢᠨ ᠢᠶᠠᠷ ᠶᠠᠪᠤᠵᠦ ᠤᠯᠤᠬᠰᠠᠨ ᠭᠥᠯᠤᠰᠤ ᠮᠥᠡᠭᠭᠦ ᠪᠠᠷ ᠠᠪᠤ ᠡᠵᠢ ᠪᠠᠨ ᠲᠡᠵᠢᠬᠡᠳᠡᠭ ᠪᠠᠶᠢᠵᠠᠢ᠃      ᠲᠠᠷᠨ ᠬᠠᠷᠠᠬᠠᠨ ᠪᠠᠭ᠎ᠠ ᠠᠴᠠ ᠪᠠᠨ ᠪᠥᠬᠡ ᠪᠠᠷᠢᠯᠳᠤᠬᠤ ᠳᠤ ᠲᠤᠷᠠᠳᠠᠢ ᠪᠥᠬᠡᠤᠨ ᠮᠠᠰᠢ ᠰᠠᠶᠢᠨ ᠪᠠᠷᠢᠯᠳᠤᠳᠠᠭ ᠪᠥᠬᠡ ᠶᠤᠮ᠃ ᠲᠠᠷᠨ ᠤᠶᠢᠷ᠎ᠠ ᠤᠷᠴᠢᠮ ᠤᠨ ᠤᠪᠤᠭᠠᠨ ᠨᠠᠶᠢᠷ᠂ ᠰᠥᠮ᠎ᠠ ᠬᠡᠶᠢᠤᠨ ᠤᠨ ᠨᠠᠶᠢᠷ ᠲᠤ ᠪᠠᠷᠢᠯᠳᠤᠵᠦ᠂ ᠬᠤᠯᠠ ᠤᠶᠢᠷ᠎ᠠ ᠶᠢᠨ ᠰᠠᠶᠢᠨ ᠰᠠᠶᠢᠨ ᠪᠥᠬᠡᠴᠤᠤᠨ ᠢ ᠡᠪᠤᠳᠤᠭ᠌ ᠰᠢᠷᠤᠶᠢᠳᠠᠭᠤᠯᠵᠦ᠂ ᠨᠤᠳᠤᠭ ᠤᠰᠤ᠂ ᠬᠤᠯᠠ ᠤᠶᠢᠷ᠎ᠠ ᠳᠤ ︽ᠪᠥᠬᠡ ᠪᠢᠯᠢᠭᠳᠦ︾ ᠬᠡᠰᠠᠨ ᠰᠠᠶᠢᠬᠠᠨ ᠠᠯᠳᠠᠷ ᠴᠤᠯᠠ ᠲᠠᠢ ᠶᠠᠪᠤᠵᠠᠢ᠃      ᠪᠥᠬᠡ ᠪᠢᠯᠢᠭᠳᠦ1890 ᠤᠨ ᠳᠤ᠂ ᠰᠥᠨᠢᠤᠨ ᠵᠡᠭᠦᠨ ᠬᠤᠰᠢᠭᠤᠨ ᠤ ᠰᠠᠷᠭᠦᠯᠠᠩ ᠡᠴᠢᠭᠡ ᠶᠢᠨ ᠢᠶᠠᠨ ᠸᠠᠩ  ᠤᠨ ᠰᠠᠭᠤᠷᠢᠨ ᠢ ᠵᠠᠯᠭᠠᠮᠵᠢᠯᠠᠵᠦ᠂ ᠬᠤᠰᠢᠭᠤ ᠵᠠᠰᠠᠭ ᠵᠢᠶᠥ᠋ᠨ ᠸᠠᠩ ᠪᠤᠯᠤᠬᠰᠠᠨ ᠢ ᠪᠡᠯᠡᠭᠯᠡᠭᠦ ᠨᠠᠶᠢᠷ ᠲᠤ ᠪᠠᠷᠢᠯᠳᠤᠵᠦ ᠂ ᠸᠠᠩ ᠤᠨ ᠪᠥᠬᠡ ᠶᠢ ᠪᠠᠭᠳᠠᠭᠠᠬᠰᠠᠨ ᠤᠯᠠᠨ ᠰᠠᠶᠢᠨ ᠪᠥᠬᠡ ᠶᠢ ᠲᠠᠷᠠᠭᠠᠯᠠᠨ ᠬᠠᠶᠠᠵᠦ᠂ ᠡᠴᠤᠰ ᠲᠡᠭᠡᠨ ᠬᠤᠰᠢᠭᠤ ᠸᠠᠩ ᠤᠨ ᠪᠥᠬᠡ ᠲᠠᠢ ᠲᠠᠳ᠋ ᠲᠠᠷᠢᠭᠦᠨ ᠳᠤ ᠲᠠᠭᠠᠷᠠᠵᠠᠢ᠃ ᠪᠥᠬᠡ ᠪᠢᠯᠢᠭᠳᠦ ᠳᠤ ᠸᠠᠩ ᠤᠨ ᠪᠥᠬᠡ ᠳᠤ ᠪᠠᠭᠤᠵᠦ ᠥᠭ ᠬᠡᠵᠦ ᠬᠤᠰᠢᠭᠤ ᠶᠠᠮᠤᠨ ᠤ ᠲᠥᠰᠢᠮᠡᠯ ᠵᠠᠷᠯᠢᠭ ᠪᠠᠭᠤᠯᠭᠠᠬᠰᠠᠨ ᠳᠤ ᠪᠥᠬᠡ ᠪᠢᠯᠢᠭᠳᠦ᠂ ᠸᠠᠩ ᠤᠨ ᠪᠥᠬᠡ ᠶᠢ ᠬᠠᠶᠠᠵᠦ ᠲᠠᠷᠢᠭᠦᠯᠠᠵᠠᠢ᠃ ᠡᠭᠦᠨ ᠳᠤ ᠬᠤᠰᠢᠭᠤ ᠶᠠᠮᠤᠨ ᠤ ᠨᠤᠶᠠᠤᠨ ᠲᠥᠰᠢᠮᠡᠯ ︽ᠰᠠᠷᠭᠦᠯᠠᠩ ᠸᠠᠩ ᠰᠠᠭᠤᠷᠢᠨ ᠳᠤ ᠰᠠᠭᠤᠬᠰᠠᠨ ᠪᠠᠶᠠᠷ ᠲᠤ ᠸᠠᠩ ᠤᠨ ᠪᠥᠬᠡ ᠶᠢ ᠬᠠᠶᠠᠬᠰᠠᠨ ᠨᠢ ᠪᠡᠯᠬᠡ ᠮᠠᠭᠤᠳᠠᠢ ᠶᠠᠪᠤᠳᠠᠯ︾ ᠬᠡᠵᠦ ᠶᠡᠬᠡᠳᠠ ᠠᠭᠤᠷᠯᠠᠵᠦ ᠵᠠᠷᠯᠢᠭ ᠪᠠᠭᠤᠯᠭᠠᠵᠦ᠂ ᠪᠥᠬᠡ ᠪᠢᠯᠢᠭᠳᠦ ᠶᠢ ᠪᠠᠷᠢᠪᠴᠢᠯᠠᠵᠦ ᠤᠬᠰᠤᠷᠴᠤ ᠲᠠᠯᠪᠢᠬᠰᠠᠨ ᠵᠢᠷᠠᠨ ᠬᠠᠰᠠᠭ ᠲᠠᠷᠬᠡᠨ ᠤ ᠨᠢᠬᠡ ᠥᠵᠤᠭᠦᠷ ᠲᠤᠨᠢ ᠭᠥᠯᠢᠵᠦ ᠲᠠᠯᠪᠢᠵᠠᠢ᠃ ᠪᠥᠬᠡ ᠪᠢᠯᠢᠭᠳᠦ ᠲᠠᠷᠨ ᠰᠥᠨᠢ ᠳᠡᠭᠡᠨ ᠬᠤᠯᠪᠤᠨ ᠤᠬᠰᠤᠷᠴᠤ ᠲᠠᠯᠪᠢᠬᠰᠠᠨ ᠵᠢᠷᠠᠨ ᠲᠡᠷᠬᠡ ᠶᠢ ᠨᠢ ᠴᠢᠷᠴᠤ ᠬᠡᠷ ᠵᠥᠭ ᠢᠶᠠᠨ ᠶᠠᠪᠤᠵᠠᠢ᠃ ᠥᠷᠯᠤᠬᠡ ᠪᠤᠯᠬᠤ ᠳᠤ ᠶᠠᠮᠤᠨ ᠤ ᠬᠢᠨᠢ ᠪᠥᠬᠡ ᠪᠢᠯᠢᠭᠳᠦ ᠬᠠᠰᠠᠭ ᠲᠡᠷᠬᠡ ᠪᠠᠨ ᠴᠢᠷᠤᠨ ᠶᠠᠪᠤᠬᠰᠠᠨ ᠢ ᠮᠡᠳᠠᠬᠡᠤᠨ ᠲᠥᠰᠢᠮᠡᠯ ᠨᠤᠶᠠᠨ ᠳᠠᠭᠠᠨ ᠮᠡᠳᠠᠭᠦᠯᠤᠭ᠍ᠰᠠᠨ ᠳᠤ ᠲᠥᠰᠢᠮᠡᠯ ᠨᠤᠶᠠᠤᠨ ᠨᠢ ︽ᠲᠠᠨᠠᠷ᠂ ᠲᠠᠭᠦᠨ ᠤ ᠲᠡᠷᠬᠡ ᠶᠢᠨ ᠮᠥᠷ ᠢᠶᠠᠷ ᠶᠠᠪᠤ᠂ ᠥᠬᠡᠷ᠎ᠠ ᠭᠥᠮᠤᠨ ᠢᠷᠠᠵᠦ ᠲᠠᠭᠦᠨ ᠢ ᠠᠪᠤᠭᠠᠤᠨ ᠶᠠᠪᠤᠵᠦ ᠪᠠᠶᠢᠪᠡᠯ ᠪᠥᠭᠦᠳᠠ ᠶᠢ ᠨᠢ ᠪᠠᠷᠢᠪᠴᠢᠯᠠᠵᠦ ᠠᠪᠴᠢᠷᠨ᠂ ᠬᠡᠷᠪᠡ ᠪᠥᠬᠡ ᠪᠢᠯᠢᠭᠳᠦ ᠭᠠᠭᠴᠠᠭᠠᠷ ᠢᠶᠠᠨ ᠶᠠᠪᠤᠵᠦ ᠪᠡᠶᠢᠪᠡᠯ ᠪᠢᠳᠠᠬᠡᠢ ᠬᠠᠯᠳᠠ᠂ ᠲᠠᠭᠦᠨ ᠢ ᠬᠡᠷ ᠲᠤᠨᠢ ᠬᠠᠷᠢᠭᠤᠯ︾ ᠬᠡᠵᠠᠢ᠃ ᠸᠠᠩ ᠤᠨ ᠤᠷᠳᠤᠨ ᠤ ᠴᠡᠷᠢᠭ᠂ ᠪᠥᠬᠡ ᠪᠢᠯᠢᠭᠳᠦ ᠶᠢ ᠨᠡᠬᠡᠮᠵᠢᠯᠠᠨ ᠭᠥᠷᠭᠦ ᠳᠤ ᠲᠠᠷᠨ ᠭᠠᠭᠴᠠᠭᠠᠷ ᠢᠶᠠᠨ ᠵᠢᠷᠠᠨ ᠬᠠᠰᠠᠭ ᠲᠠᠷᠬᠡ ᠪᠠᠨ ᠴᠢᠷᠤᠨ ᠶᠠᠪᠤᠵᠦ ᠪᠠᠶᠢᠵᠠᠢ᠃ ᠨᠡᠬᠡᠮᠵᠢᠯᠠᠨ ᠤᠴᠢᠬᠰᠠᠨ ᠸᠠᠩ ᠤᠨ ᠴᠡᠷᠢᠭ ᠤᠨ ᠲᠥᠰᠢᠮᠡᠯ᠂  ︽ᠴᠢ ᠡᠨᠡ ᠤᠯᠠᠨ ᠲᠠᠷᠬᠡ ᠪᠠᠷ ᠶᠠᠭᠤ ᠬᠢᠭᠦ ᠶᠤᠮ ᠪᠤᠢ︖︾ ᠬᠡᠵᠦ ᠠᠰᠠᠭᠤᠬᠰᠠᠨ ᠳᠤ ᠪᠥᠬᠡ ᠪᠢᠯᠢᠭᠳᠦ ᠠᠴᠠ ︽ᠮᠢᠨᠤ ᠡᠵᠢ ᠨᠠᠰᠤ ᠠᠬᠰᠢᠷᠠᠵᠠᠢ᠂ ᠪᠢ ᠡᠵᠢ ᠳᠡᠭᠡᠨ ᠲᠥᠯᠠᠰᠢ ᠲᠥᠯᠡᠭᠡ ᠪᠡᠯᠡᠤᠡᠬᠡᠵᠦ ᠥᠭᠭᠦᠶ᠎ᠠ︾ ᠬᠡᠰᠠᠨ ᠳᠤ ᠲᠠᠳᠠᠬᠡᠷ ᠭᠥᠮᠤᠰ ᠶᠠᠭᠤ ᠴᠦ ᠬᠡᠯᠡᠭᠰᠠᠨ ᠥᠬᠡᠢ ᠪᠤᠴᠠᠵᠦ ᠶᠠᠪᠤᠵᠠᠢ᠃ ᠪᠥᠬᠡ ᠪᠢᠯᠢᠭᠳᠦ ᠲᠠᠷᠨ ᠵᠢᠷᠠᠨ ᠬᠠᠰᠠᠭ ᠲᠠᠷᠬᠡ  ᠪᠠᠨ ᠴᠢᠷᠴᠤ ᠬᠠᠷᠢᠭᠠᠤᠨ ᠥᠨᠡᠬᠡᠷ ᠬᠡᠮᠬᠡᠴᠢᠵᠦ ᠲᠥᠯᠠᠰᠢ ᠲᠥᠯᠡᠭᠡ ᠪᠤᠯᠭᠠᠬᠰᠠᠨ ᠠᠴᠠ ᠲᠠᠳᠠᠨ ᠤ ᠨᠤᠳᠤᠬᠯᠠᠵᠦ ᠪᠠᠶᠢᠬᠰᠠᠨ ᠲᠠᠷᠨ ᠬᠤᠤᠡᠳᠤᠭ ᠢ ᠬᠤᠵᠢᠮ ᠤᠨ ᠭᠥᠮᠤᠰ ︽ᠲᠥᠯᠡᠬᠡᠨ ᠬᠤᠤᠡᠳᠤᠭ︾ ᠬᠡᠵᠦ ᠨᠠᠷᠠᠯᠠᠵᠦ᠂ ᠪᠥᠬᠡ ᠪᠢᠯᠢᠭᠳᠦ ᠶᠢᠨ ᠭᠥᠴᠤ ᠴᠢᠳᠠᠯ ᠵᠤᠷᠢᠭ ᠰᠥᠰᠤ ᠶᠢ ᠪᠢᠰᠢᠷᠠᠨ ᠲᠤᠷᠠᠰᠬᠠᠵᠦ ᠪᠠᠶᠢᠭ᠎ᠠ ᠰᠠᠤᠡᠬᠢᠯᠬᠡ ᠪᠠᠨ ᠢᠯᠡᠤᠡᠬᠡᠵᠠᠢ᠃      ᠪᠥᠬᠡ ᠪᠢᠯᠢᠭᠳᠦ᠂ 1926 ᠤᠨ ᠳᠤ ᠡᠪᠡᠤᠡᠴᠢᠨ ᠤ ᠬᠠᠷᠠᠭ᠎ᠠ ᠪᠠᠷ ᠵᠢᠷᠠᠨ ᠵᠢᠷᠭᠤᠭᠠᠨ ᠨᠠᠰᠤᠨ ᠳᠤ ᠶᠢᠷᠳᠢᠡᠴᠤ ᠠᠴᠠ ᠠᠩᠬᠢᠵᠢᠷᠠᠬᠰᠠᠨ ᠪᠤᠯᠪᠠᠴᠤ ᠠᠭᠤᠳᠠᠮ ᠰᠠᠷᠠᠭᠤᠯ ᠰᠥᠨᠢᠤᠨ ᠨᠤᠳᠤᠭ ᠲᠤ ︽ ᠪᠥᠬᠡ ᠪᠢᠯᠢᠭᠳᠦ︾ ᠬᠡᠰᠠᠨ ᠰᠤᠳᠤᠨ ᠪᠥᠬᠡ ᠶᠢᠨ ᠠᠯᠳᠠᠷ ᠨᠢ ᠥᠶ᠎ᠠ ᠶᠢᠨ ᠥᠶ᠎ᠠ ᠳᠤ ᠤᠯᠠᠮᠵᠢᠯᠠᠬᠳᠠᠬᠰᠠᠭᠠᠷ᠂᠂᠂᠂᠂
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号