ᠱᠥᠯᠬᠦᠭᠡ ᠡᠪᠠᠳᠴᠢᠨ | ᠱᠥᠯᠬᠦᠭᠡ ᠡᠪᠠᠳᠴᠢᠨ ᠪᠤᠯ ᠰᠠᠯᠠᠭ᠎ᠠ ᠲᠤᠭᠤᠷᠠᠶᠢᠳᠠᠨ ︵ᠥᠭᠡᠷ᠂ ᠬᠤᠨᠢ᠂ ᠭᠠᠭ᠋ᠠᠢ ᠵᠠᠷᠭᠡ︶ ᠤ ᠨᠢᠭᠡ ᠲᠥᠷᠤᠯ ᠤᠨ | ᠬᠠᠯᠠᠭᠤᠷᠠᠬᠤ ᠴᠢᠨᠠᠷᠳᠠᠢ᠂ ᠬᠥᠷᠤᠯᠴᠠᠵᠤ ᠬᠠᠯᠳᠠᠪᠤᠷᠢᠯᠠᠳᠠᠭ ᠴᠤᠴᠢᠮᠠᠭ ᠬᠠᠯᠳᠠᠪᠤᠷᠢᠳᠤ ᠡᠪᠠᠳᠴᠢᠨ ᠪᠤᠯᠤᠨ᠎ᠠ᠃ ᠲᠠᠷᠬᠠᠬᠤ | ᠬᠥᠴᠤᠨ ᠨᠢ ᠤᠨᠴᠤᠭᠤᠢ ᠴᠢᠩᠭ᠎ᠠ᠂ ᠡᠪᠠᠳᠴᠢᠨ ᠡᠬᠦᠰᠬᠦ ᠳᠤ ᠬᠥᠷᠪᠠᠯ ᠲᠠᠷᠤᠶᠢᠬᠠᠨ ᠡᠯ᠎ᠠ ᠭᠠᠵᠠᠷ ᠲᠤ ᠲᠠᠷᠬᠠᠵᠤ᠂ ᠶᠡᠭᠡ | ᠭᠡᠪᠴᠢᠶ᠎ᠠ ᠪᠠᠷ ᠲᠠᠯᠭᠡᠷᠠᠳᠡᠭ᠃ ᠲᠠᠬᠦᠨ ᠤ ᠤᠨᠴᠠᠯᠢᠭ ᠨᠢ ᠠᠮᠠᠨ ᠤ ᠬᠥᠨᠳᠠᠢ ᠶᠢᠨ ᠰᠠᠯᠢᠰᠤᠳᠤ ᠪᠥᠷᠬᠦᠪᠴᠢ᠂ ᠲᠤᠭᠤᠷᠠᠢ | ᠶᠢᠨ ᠭᠡᠰᠡᠭ ᠪᠠ ᠲᠠᠯᠠᠩ ᠤᠨ ᠠᠷᠠᠰᠤᠨ ᠲᠠᠭᠡᠷ᠎ᠠ ᠨᠢ ᠴᠥᠪᠤᠷᠢᠬᠦᠤ ᠭᠠᠷᠤᠨ᠎ᠠ᠃ ᠨᠠᠰᠤ ᠬᠥᠢᠴᠡᠭᠰᠠᠨ ᠮᠠᠯ ᠤᠨ ᠠᠷᠠᠴᠢᠯᠠᠭ᠎ᠠ | ᠬᠠᠮᠢᠶᠠᠷᠤᠯᠳᠠ ᠨᠢ ᠰᠠᠶᠢᠨ ᠪᠤᠯᠪᠠᠯ ᠥᠬᠦᠬᠦ ᠨᠤᠷᠮ᠎ᠠ ᠨᠢ ᠲᠤᠤᠷ᠎ᠠ ᠪᠠᠶᠢᠵᠤ᠂ ᠲᠥᠯ ᠮᠠᠯ ᠤᠨ ᠥᠬᠦᠯᠳᠠ ᠶᠢᠨ ᠨᠤᠷᠮ᠎ᠠ ᠨᠢ | ᠮᠠᠰᠢ ᠥᠨᠳᠤᠷ ᠪᠠᠶᠢᠳᠠᠭ᠃ | ᠡᠪᠠᠳᠴᠢᠨ ᠡᠬᠦᠰᠭᠡᠭᠴᠢ᠄ ᠲᠤᠰ ᠡᠪᠠᠳᠴᠢᠨ ᠪᠤᠯ ᠱᠥᠯᠬᠦᠭᠡ ᠶᠢᠨ ᠸᠢᠷᠦ᠋ᠰ ᠠᠴᠠ ᠡᠬᠦᠰᠳᠡᠭ᠃ ᠸᠢᠷᠦ᠋ᠰ ᠤᠨ | ᠭᠠᠳᠠᠭᠠᠳᠤ ᠤᠷᠴᠢᠨ ᠢ ᠡᠰᠠᠷᠬᠦᠴᠠᠬᠦ ᠬᠥᠴᠤᠨ ᠨᠢ ᠮᠠᠰᠢ ᠴᠢᠩᠭ᠎ᠠ᠂ ᠬᠠᠭᠤᠷᠠᠢ ᠡᠯᠠᠰᠤᠨ ᠳᠤ 14 ᠡᠳᠤᠷ᠂ ᠥᠰᠤ ᠲᠠᠢ | ᠠᠷᠠᠰᠤᠨ ᠳᠤ 4 ᠭᠠᠷᠠᠭ ᠠᠮᠢᠳᠤᠷᠠᠵᠤ᠂ ᠬᠥᠯᠳᠠᠭᠡᠬᠦ ᠳᠤ ᠭᠡᠳᠤᠨ ᠰᠷ᠎ᠠ ᠳᠤ ᠥᠬᠦᠳᠡᠭ ᠥᠭᠡᠢ᠃ ᠭᠡᠪᠠᠴᠤ ᠥᠨᠳᠤᠷ | ᠬᠠᠯᠠᠭᠤᠨ ᠳᠤ ᠲᠠᠷᠤᠶᠢᠬᠠᠨ ᠤᠰᠠᠳᠳᠠᠭ᠃ ᠭᠡᠷᠪᠠ ᠥᠨᠢᠶᠠᠨ ᠰᠦ ᠶᠢ 65 ~70 ᠭᠷᠠᠳᠦ᠋ᠰ ᠪᠤᠯᠳᠠᠯ᠎ᠠ ᠬᠠᠯᠠᠭᠠᠪᠠᠯ | ᠸᠢᠷᠦ᠋ᠰ ᠨᠢ ᠬᠠᠭᠠᠰ ᠴᠠᠭ ᠲᠤ ᠬᠤᠤᠷᠠᠳᠤ ᠬᠥᠴᠤᠨ ᠢᠶᠠᠨ ᠠᠯᠳᠠᠵᠤ᠂ 2% ᠵᠢᠨᠤᠰᠤᠮᠠᠭᠳᠤ ᠨᠠᠲᠷᠢ ᠶᠢᠨ ᠠᠭᠤᠰᠤᠮᠠᠯ | ᠢᠶᠠᠷ ᠸᠢᠷᠦ᠋ᠰ ᠢ ᠲᠠᠷᠤᠢ ᠲᠥᠷᠭᠡᠨ ᠤᠰᠠᠳᠬᠠᠳᠠᠭ᠃ | ᠬᠠᠯᠳᠠᠪᠤᠷᠢᠯᠠᠬᠤ᠄ ᠲᠤᠰ ᠡᠪᠠᠳᠴᠢᠨ ᠨᠢ ᠭᠤᠤᠯᠳᠠᠭᠤ ᠡᠪᠤᠯ ᠬᠠᠪᠤᠷ ᠲᠠᠯᠭᠡᠷᠠᠵᠤ᠂ ᠡᠪᠠᠳᠴᠢᠨ ᠲᠠᠢ ᠮᠠᠯ ᠤᠨ | ᠴᠥᠪᠤᠷᠢᠬᠦᠤ ᠶᠢᠨ ᠰᠢᠩᠭᠡᠨ ᠪᠠ ᠴᠥᠪᠤᠷᠢᠬᠦᠤ ᠶᠢᠨ ᠬᠠᠯᠢᠰᠤ ᠨᠢ ᠬᠠᠮᠤᠭ ᠠᠶᠤᠯᠳᠠᠢ ᠬᠠᠯᠳᠠᠪᠤᠷᠢ ᠶᠢᠨ ᠰᠤᠷᠪᠤᠯᠵᠢ ᠪᠤᠯᠳᠠᠭ | ᠮᠥᠷᠳᠠᠭᠡᠨ ᠡᠪᠠᠳᠴᠢᠨ ᠲᠠᠢ ᠮᠠᠯ ᠤᠨ ᠰᠢᠯᠤᠰᠤ᠂ ᠰᠦ᠂ ᠢᠯᠭᠠᠳᠠᠰᠤ ᠵᠠᠷᠭᠡ ᠨᠢ ᠬᠠᠯᠳᠠᠪᠤᠷᠢ ᠶᠢᠨ ᠭᠤᠤᠯ ᠰᠤᠷᠪᠤᠯᠵᠢ | ᠪᠤᠯᠳᠠᠭ᠃ ᠡᠷᠠᠬᠦᠯ ᠮᠠᠯ ᠨᠢ ᠡᠪᠠᠳᠴᠢᠨ ᠲᠠᠢ ᠮᠠᠯ ᠲᠠᠢ ᠰᠢᠭᠤᠳ ᠬᠥᠷᠤᠯᠴᠠᠬᠦ ᠪᠤᠶᠤ ᠸᠢᠷᠦ᠋ᠰ ᠲᠤ ᠪᠤᠭᠢᠷᠳᠤᠭᠰᠠᠨ ᠡᠪᠠᠰᠤ | ᠪᠤᠷᠳᠤᠭ᠎ᠠ ᠢᠳᠡᠭᠰᠠᠨ ᠠᠴᠠ ᠪᠤᠯᠵᠤ ᠰᠢᠩᠭᠡᠭᠡᠯᠳᠠ ᠶᠢᠨ ᠵᠠᠮ ᠪᠠ ᠭᠡᠮᠳᠤᠭ᠍ᠰᠠᠨ ᠠᠷᠠᠰᠤ ᠪᠠᠷ ᠲᠠᠮᠵᠢᠵᠤ ᠬᠠᠯᠳᠠᠪᠤᠷᠢᠯᠠᠳᠠᠭ᠃ | ᠵᠠᠷᠢᠮ ᠳᠠᠭᠠᠨ ᠠᠮᠢᠰᠬᠤᠯ ᠤᠨ ᠵᠠᠮ ᠢᠶᠠᠷ ᠬᠠᠯᠳᠠᠪᠤᠷᠢᠯᠠᠳᠠᠭ᠃ | ᠰᠢᠨᠵᠢ ᠴᠢᠨᠠᠷ᠄ ᠡᠪᠠᠳᠴᠢᠨ ᠡᠬᠦᠰᠪᠠᠯ ᠲᠠᠷᠤᠶᠢᠬᠠᠨ ᠪᠥᠬᠦ ᠰᠥᠷᠤᠭ᠌ ᠲᠤ ᠨᠠᠶᠢᠳᠠᠮ ᠢᠶᠠᠷ ᠲᠠᠯᠭᠡᠷᠠᠳᠡᠭ᠃ ᠡᠭᠢᠨ ᠤ | ᠬᠤᠭᠤᠴᠠᠭᠠᠨ ᠳᠤ ᠪᠠᠶ᠎ᠠ ᠶᠢᠨ ᠬᠠᠯᠠᠭᠤᠨ ᠨᠢ 40 ~ 41 ᠭᠷᠠᠳᠦ᠋ᠰ ᠪᠤᠯᠵᠤ᠂ ᠴᠤᠭ ᠰᠥᠯᠳᠠ ᠨᠢ ᠮᠠᠭᠤᠳᠠᠨ ᠲᠠᠵᠢᠭᠡᠯ | ᠤᠨ ᠲᠤᠷᠠᠰᠢᠯ ᠨᠢ ᠪᠠᠭᠤᠷᠠᠵᠤ᠂ ᠭᠡᠯᠠᠨ ᠤ ᠭᠠᠳᠠᠷᠭᠤ᠂ ᠪᠤᠶᠢᠯᠨ᠂ ᠲᠤᠭᠤᠷᠠᠢ ᠶᠢᠨ ᠰᠠᠯᠠᠭ᠎ᠠ᠂ ᠬᠥᠬᠦᠨ ᠲᠤᠪᠴᠢ ᠶᠢᠨ | ᠭᠡᠰᠡᠭ ᠲᠤ ᠤᠰᠤᠨ ᠴᠥᠪᠤᠷᠢᠬᠦᠤ ᠡᠬᠦᠰᠴᠤ᠂ ᠴᠥᠪᠤᠷᠢᠬᠦᠤ ᠨᠢ ᠤᠯᠠᠮ ᠤᠯᠠᠮ ᠢᠶᠠᠷ ᠲᠤᠮᠤᠷᠠᠬᠤ ᠪᠤᠶᠤ ᠬᠠᠷᠢᠯᠴᠠᠨ | ᠨᠠᠶᠢᠯᠠᠨ ᠭᠡᠰᠡᠭᠷᠠᠵᠤ 1 ~ 2 ᠡᠳᠤᠷ ᠲᠤ ᠬᠠᠭᠠᠷᠠᠭᠠᠳ ᠤᠯᠠᠭᠠᠨ ᠥᠡᠭᠭᠡ ᠲᠠᠢ ᠨᠤᠶᠢᠳᠠᠨ ᠰᠢᠷᠬᠠᠯᠠᠭ᠎ᠠ ᠪᠤᠯᠪᠠᠯ ᠪᠠᠶ᠎ᠠ ᠶᠢᠨ | ᠬᠠᠯᠠᠭᠤᠨ ᠨᠢ ᠲᠤᠷᠤᠭᠰᠢᠯᠠᠵᠤ᠂ ᠭᠡᠪ ᠤᠨ ᠪᠠᠶᠢᠳᠠᠯ ᠳᠤ ᠤᠷᠤᠳᠠᠭ᠃ ᠵᠠᠷᠢᠮ ᠥᠶ᠎ᠠ ᠳᠤ ᠥᠭᠡᠷ᠂ᠭᠠᠭ᠋ᠠᠢ ᠵᠢᠨᠬᠠᠮᠠᠷ ᠤᠨ | ᠲᠤᠯᠢ ᠲᠠᠭᠡᠷ᠎ᠠ ᠨᠢ ᠴᠥᠪᠤᠷᠢᠬᠦᠤ ᠭᠠᠷᠴᠤ ᠠᠮᠠᠨ ᠠᠴᠠ ᠨᠢ ᠨᠢᠯᠴᠠᠭᠠᠢ ᠬᠥᠭᠡᠰᠤᠷᠭᠡᠭ ᠰᠢᠯᠤᠰᠤ ᠭᠤᠭᠤᠵᠢᠨ ᠬᠥᠨᠳᠤᠷᠠᠪᠠᠯ | ᠬᠠᠳᠠᠭᠤ ᠲᠤᠭᠤᠷᠠᠢ ᠨᠢ ᠮᠤᠯᠳᠤᠷᠠᠭᠠᠳ ᠲᠤᠭᠤᠯᠳᠠᠬᠤ ᠪᠤᠶᠤ ᠵᠤᠭᠰᠤᠵᠤ ᠲᠠᠶᠢᠯᠬᠦ ᠥᠭᠡᠢ ᠪᠤᠯᠳᠠᠭ᠃ ᠬᠤᠨᠢᠨ ᠳᠤ | ᠭᠤᠤᠯᠳᠠᠭᠤ ᠲᠠᠷᠠᠬᠠᠢ ᠪᠤᠳᠠᠷᠬᠠᠢ ᠲᠠᠯᠭᠡᠷᠠᠵᠤ᠂ ᠭᠤᠤᠯ ᠰᠢᠨᠵᠢ ᠲᠠᠮᠳᠡᠭ ᠨᠢ ᠲᠤᠭᠤᠷᠠᠢ ᠶᠢᠨ ᠭᠡᠰᠡᠭ ᠲᠤ ᠢᠯᠠᠷᠠᠨ᠎ᠠ᠃ | ᠲᠤᠭᠤᠯ᠂ ᠬᠤᠷᠠᠭ᠎ᠠ ᠪᠠ ᠲᠤᠷᠤᠢ ᠨᠢ ᠶᠠᠷᠤ ᠳᠡᠭᠡᠨ ᠵᠢᠷᠤᠭᠡᠨ ᠪᠤᠯᠴᠢᠩ ᠤᠨ ᠥᠷᠪᠢᠰᠤᠯ ᠪᠤᠯᠵᠤ ᠭᠡᠨᠠᠳᠳᠠ ᠪᠠᠷ ᠥᠬᠦᠳᠡᠭ᠃ | | ᠰᠢᠨᠵᠢᠯᠡᠭᠡ᠄ ᠭᠢᠵᠢᠭ ᠲᠠᠯᠭᠡᠷᠡᠭᠰᠠᠨ ᠪᠠᠶᠢᠳᠠᠯ᠂ ᠲᠠᠷᠬᠠᠬᠤ ᠬᠤᠷᠳᠤᠴᠨ ᠪᠠ ᠥᠪᠠᠷᠮᠢᠴᠨ ᠰᠢᠨᠵᠢ ᠲᠠᠮᠳᠡᠭ ᠢ ᠨᠢ | ᠥᠨᠳᠤᠰᠤᠯᠠᠵᠤ ᠠᠩᠬ᠎ᠠ ᠠᠯᠬᠤᠮ ᠤᠨ ᠰᠢᠨᠵᠢᠯᠡᠭᠡ ᠭᠢᠨ᠎ᠠ᠃ ᠱᠥᠯᠬᠦᠭᠡ ᠶᠢᠨ ᠸᠢᠷᠦ᠋ᠰ ᠤᠨ ᠭᠡᠯᠪᠠᠷᠢ ᠶᠢ ᠰᠢᠯᠭᠠᠨ | ᠲᠤᠭᠳᠠᠭᠠᠬᠤ ᠪᠠ ᠥᠭᠡᠷ᠂ ᠬᠤᠨᠢᠨ ᠤ ᠬᠠᠯᠳᠠᠪᠤᠷᠢᠳᠤ ᠠᠮᠠᠨ ᠤ ᠥᠷᠪᠢᠰᠤᠯ᠂ ᠭᠠᠭ᠋ᠠᠢ ᠵᠢᠨᠴᠥ᠋ᠪᠤᠷᠢᠬᠦᠤ ᠡᠪᠠᠳᠴᠢᠨ ᠠᠴᠠ | ᠢᠯᠭᠠᠬᠤ ᠶᠢᠨ ᠲᠥᠯᠤᠭᠡ ᠡᠪᠠᠳᠴᠢᠨ ᠤ ᠮᠠᠲ᠋ᠧᠷᠢᠶᠠᠯ ᠠᠪᠴᠤ ᠰᠢᠯᠭᠠᠨ ᠪᠠᠶᠢᠴᠠᠭᠠᠨ᠎ᠠ᠃ | ᠡᠪᠠᠳᠴᠢᠨ ᠤ ᠮᠠᠲ᠋ᠧᠷᠢᠶᠠᠯ ᠠᠪᠬᠤ ᠠᠷᠭ᠎ᠠ᠄ ᠰᠢᠨ᠎ᠠ ᠬᠠᠭᠠᠷᠠᠭᠰᠠᠨ ᠥᠭᠡᠢ ᠴᠥᠪᠤᠷᠢᠬᠦᠤ ᠶᠢ ᠰᠤᠩᠭᠤᠵᠤ | ᠤᠭᠢᠶᠠᠭᠰᠠᠨ ᠤ ᠲᠠᠷᠠᠭ᠎ᠠ ︵ᠠᠷᠢᠭᠤᠳᠬᠠᠬᠤ ᠡᠮ ᠢᠶᠠᠷ ᠤᠭᠢᠶᠠᠵᠤ ᠪᠤᠯᠬᠤ ᠥᠭᠡᠢ︶ ᠠᠷᠢᠭᠤᠳᠬᠠᠭᠰᠠᠨ ᠵᠠᠬᠦᠤ ᠪᠤᠶᠤ | ᠬᠠᠶᠢᠴᠢ ᠪᠠᠷ ᠴᠥᠪᠤᠷᠢᠬᠦᠤ ᠶᠢᠨ ᠰᠢᠩᠭᠡᠨ ᠪᠤᠶᠤ ᠴᠥᠪᠤᠷᠢᠬᠦᠤ ᠶᠢᠨ ᠬᠠᠯᠢᠰᠤ ᠶᠢ ︵10g ᠠᠴᠠ ᠪᠠᠭ᠎ᠠ ᠪᠠᠶᠢᠵᠤ ᠪᠤᠯᠬᠤ | ᠥᠭᠡᠢ︶ ᠠᠪᠴᠤ᠂ ᠹᠢᠽᠢᠤᠯᠤᠭᠢ ᠶᠢᠨ ᠲᠠᠪᠤᠰᠤᠨ ᠤ ᠠᠭᠤᠰᠤᠮᠠᠯ 100ml ᠰᠠᠪᠠᠯᠠᠭᠰᠠᠨ ᠰᠢᠯ ᠯᠤᠩᠬᠤᠨ ᠳᠤ ᠭᠢᠵᠤ | ᠨᠢᠭᠳᠠ ᠪᠢᠳᠠᠬᠦᠮᠵᠢᠯᠠᠭᠡᠳ ᠱᠠᠪᠤᠤ ᠪᠤᠶᠤ ᠬᠥᠪᠤᠡᠭ ᠢᠶᠠᠷ ᠰᠠᠶᠢᠨ ᠪᠠᠭᠯᠠᠵᠤ᠂ ᠲᠤᠮᠤ ᠠᠮᠠᠰᠠᠷ ᠲᠠᠢ ᠬᠠᠯᠠᠭᠤᠨ ᠰᠠᠪᠠᠨ ᠳᠤ | ᠭᠢᠵᠤ᠂ ᠭᠠᠳᠠᠭᠤᠷ ᠨᠢ ᠮᠥᠰᠤ ᠵᠢᠭᠢᠷᠢᠭᠯᠡᠭᠡᠳ ᠲᠤᠰᠬᠠᠢ ᠬᠥᠮᠤᠨ ᠲᠤᠮᠢᠯᠠᠵᠤ᠂ ᠰᠢᠯᠭᠠᠨ ᠪᠠᠶᠢᠴᠠᠭᠠᠬᠤ ᠨᠢᠭᠡᠴᠨ ᠳᠤ | ᠬᠥᠷᠭᠡᠨ᠎ᠠ᠃ | ᠤᠷᠢᠳᠴᠢᠯᠠᠨ ᠰᠠᠷᠭᠡᠶᠢᠯᠠᠬᠦ᠄ | 1. ᠱᠥᠯᠬᠦᠭᠡ ᠡᠪᠠᠳᠴᠢᠨ ᠤ ᠰᠡᠵᠢᠭ ᠲᠠᠢ ᠮᠠᠯ ᠢᠯᠠᠷᠠᠪᠠᠯ ᠲᠠᠷᠤᠶᠢᠬᠠᠨ ᠮᠠᠯ ᠠᠵᠤ ᠠᠬᠤᠢ ᠶᠢᠨ ᠬᠠᠮᠢᠶᠠᠷᠤᠯᠳᠠ | ᠶᠢᠨ ᠭᠠᠵᠠᠷ ᠮᠠᠳᠡᠭᠳᠠᠵᠤ᠂ ᠲᠤᠳᠤᠯᠠᠭᠰᠠᠨ ᠤ ᠲᠠᠷᠠᠭ᠎ᠠ ᠬᠤᠰᠢᠭᠤ ᠰᠢᠶᠠᠨ ᠤ ᠵᠠᠰᠠᠭ ᠤᠨ ᠤᠷᠳᠤᠨ ᠠᠴᠠ ᠲᠤᠰᠠᠭᠠᠷᠯᠠᠬᠤ | ᠵᠠᠷᠯᠠᠯ ᠨᠠᠶᠢᠳᠠᠯᠠᠵᠤ᠂ ᠭᠢᠵᠢᠭ ᠤᠨ ᠴᠡᠭ᠂ ᠭᠢᠵᠢᠭᠳᠦ ᠤᠷᠤᠨ ᠢ ᠴᠢᠩᠭ᠎ᠠ ᠬᠤᠷᠢᠵᠤ᠂ ︽ᠡᠷᠳᠠ᠂ ᠲᠥᠷᠭᠡᠨ᠂ ᠴᠢᠩᠭ᠎ᠠ᠂ | ᠪᠠᠭ᠎ᠠ︾ ᠵᠠᠷᠴᠢᠮ ᠢ ᠪᠠᠷᠢᠮᠳᠠᠯᠠᠨ᠂ ᠭᠢᠵᠢᠭ ᠤᠨ ᠪᠠᠶᠢᠳᠠᠯ ᠢ ᠤᠰᠠᠳᠬᠠᠨ᠎ᠠ᠃ | 2. ᠭᠢᠵᠢᠭᠳᠦ ᠤᠷᠤᠨ ᠪᠠ ᠰᠥᠷᠳᠠᠬᠦᠯᠭᠡᠳᠤ ᠤᠷᠤᠨ ᠤ ᠬᠠᠯᠳᠠᠮᠠᠳᠠᠭᠠᠢ ᠮᠠᠯ ᠳᠤ ᠱᠥᠯᠬᠦᠭᠡ ᠶᠢᠨ ᠸᠠᠺᠽᠢᠨ ᠢᠶᠠᠷ | ᠰᠠᠷᠭᠡᠶᠢᠯᠠᠬᠦ ᠲᠠᠷᠢᠯᠭ᠎ᠠ ᠭᠢᠨ᠎ᠠ᠃ | 3. ᠭᠢᠵᠢᠭᠳᠦ ᠤᠷᠤᠨ ᠤ ᠡᠪᠠᠳᠴᠢᠨ ᠲᠠᠢ ᠮᠠᠯ ᠪᠠ ᠡᠪᠠᠳᠴᠢᠨ ᠤ ᠰᠡᠵᠢᠭ ᠲᠠᠢ ᠮᠠᠯ ᠢ ᠲᠠᠷᠤᠶᠢᠬᠠᠨ ᠲᠤᠰᠠᠭᠠᠷᠯᠠᠵᠤ | ᠠᠷᠠᠴᠢᠯᠠᠬᠤ ᠪᠠ ᠡᠮᠴᠢᠯᠠᠨ ᠵᠠᠰᠠᠨ᠎ᠠ᠃ ᠡᠮᠴᠢᠯᠠᠬᠦ ᠳᠡᠭᠡᠨ 10% ᠶᠢᠨ ᠹᠢᠽᠢᠤᠯᠤᠭᠢ ᠶᠢᠨ ᠲᠠᠪᠤᠰᠤᠨ ᠤ ᠠᠭᠤᠰᠤᠮᠠᠯ᠂ | ᠼᠤᠤ ᠪᠤᠶᠤ 0.1% ᠶᠢᠨ ᠲᠠᠭᠡᠳᠤ ᠮᠠᠩᠭᠠᠨ ᠬᠥᠴᠢᠯ ᠤᠨ ᠺᠠᠯᠢ ᠶᠢᠨ ᠠᠭᠤᠰᠤᠮᠠᠯ ᠢᠶᠠᠷ ᠠᠮᠠᠨ ᠬᠥᠨᠳᠠᠢ ᠪᠠ ᠲᠤᠭᠤᠷᠠᠢ | ᠶᠢᠨ ᠭᠡᠰᠡᠭ ᠢ ᠤᠭᠢᠶᠠᠵᠤ᠂ ᠭᠡᠰᠡᠭ ᠪᠠᠶᠢᠷᠢᠨ ᠳᠤᠨᠢ ᠮᠧᠲ᠋ᠢᠯ ᠬᠥᠷᠠᠩ ᠪᠤᠶᠤ ᠢᠤᠳ᠋ᠳᠤ ᠭᠯᠢᠼᠧᠷᠢᠨ ᠲᠥᠷᠭᠢᠨᠠ᠃ | 4. ᠡᠪᠠᠳᠴᠢᠨ ᠲᠠᠢ ᠮᠠᠯ ᠳᠤ ᠪᠤᠭᠢᠷᠳᠤᠭᠰᠠᠨ ᠫᠸᠡᠭ ᠬᠤᠷᠤᠭ᠎ᠠ᠂ ᠪᠠᠭᠠᠵᠢ ᠭᠡᠷᠡᠭᠰᠠᠯ ᠵᠠᠷᠭᠡ ᠶᠢ 2% ᠤᠨ | ᠤᠰᠤᠮᠠᠭᠳᠤ ᠨᠠᠲᠷᠢ ᠪᠠᠷ ᠠᠷᠢᠭᠤᠳᠬᠠᠵᠤ᠂ ᠥᠬᠦᠭᠰᠠᠨ ᠮᠠᠯ ᠤᠨ ᠥᠬᠦᠳᠠᠯ ᠢ ᠰᠢᠳᠠᠭᠠᠬᠤ ᠪᠤᠶᠤ ᠬᠥᠨ ᠪᠤᠯᠠᠨ᠎ᠠ᠃ |