ᠮᠤᠩᠭᠤᠯ ᠪᠦᠰᠡᠬᠦᠢ ᠶᠢᠨ ᠴᠠᠶᠢᠯᠭᠠᠨ ᠰᠡᠳᠬᠢᠯ
ᠨᠡᠶᠢᠲᠡᠯᠡᠭᠰᠡᠨ ᠴᠠᠭ᠄
2019/2/18
                               ᠮᠤᠩᠭᠤᠯ ᠪᠦᠰᠡᠬᠦᠢ ᠶᠢᠨ ᠴᠠᠶᠢᠯᠭᠠᠨ ᠰᠡᠳᠬᠢᠯ                                                                         ᠵᠠ᠊᠂ ᠤᠶᠤᠠᠴᠢᠮᠡᠭ       ᠴᠡᠴᠡᠭ ᠦᠷᠤᠯᠭᠡ ᠪᠤᠰᠴᠤ ᠴᠤᠩᠬᠤ ᠪᠠᠷ ᠭᠠᠳᠠᠬᠰᠢ ᠬᠠᠷᠠᠬᠤ ᠳᠤ ᠪᠤᠷᠤᠭᠠᠨ ᠤᠷᠤᠵᠤ ᠪᠠᠶᠢᠪᠠ᠃ ᠲᠡᠷᠡ ᠨᠢᠭᠤᠷ ᠭᠠᠵᠠᠷ ᠢᠶᠠᠨ ᠤᠬᠢᠶᠠᠮᠠᠬᠴᠠ ᠪᠠᠨ ᠭᠤᠷᠪᠠ ᠳ᠋ᠤᠭᠠᠷ ᠠᠰᠠᠷ ᠲᠡᠭᠡᠷ᠎ᠡ ᠭᠠᠷᠴᠤ 336 ᠳ᠋ᠤᠭᠠᠷ ᠦᠷᠤᠭᠡᠨ ᠳᠤ ᠤᠴᠢᠬᠤ ᠳᠤ ᠤᠨᠢᠰᠤ ᠲᠠᠢ ᠡᠬᠦᠳᠡ ᠶᠢ ᠤᠬᠳᠤᠵᠠᠢ᠃ ᠲᠡᠷᠡ ᠶᠠᠪᠤᠴᠢᠬᠠᠵᠠᠢ᠂ ᠲᠡᠷᠡ ᠯᠠᠪ ᠡᠮᠨᠡᠯᠭᠡ ᠳᠤ ᠪᠠᠶᠢᠭ᠎ᠠ ᠲᠡᠬᠦᠤ ᠪᠠᠨ ᠦᠷᠯᠤᠭᠡ ᠡᠷᠳᠡ  ᠶᠠᠪᠤᠬᠰᠠᠨ ᠪᠠᠶᠢᠯᠬᠦᠢ ᠳ᠋ᠠ ᠭᠡᠵᠤ ᠪᠤᠳᠤᠪᠠ᠃ ᠤᠷᠤᠢ ᠪᠤᠯᠬᠤ ᠳᠤ ᠴᠡᠴᠡᠭ ᠨᠠᠶᠢᠵᠢ ᠎ ᠨᠢ ᠢᠷᠡᠭᠰᠡᠨ ᠦᠭᠡᠢ᠂ ᠨᠠᠮᠤᠷ ᠤᠨ ᠪᠤᠷᠤᠭᠠᠨ ᠮᠦᠨ ᠯᠠ ᠰᠢᠪᠡᠷᠡᠭᠰᠡᠭᠡᠷ ᠲᠤᠰᠤᠯᠤᠬᠰᠠᠭᠠᠷ︕ᠡᠨᠡ ᠡᠳᠤᠷ ᠤᠨ ᠤᠷᠤᠢ ᠬᠦᠰᠢᠭᠡ ᠠᠯᠢ ᠴᠤ ᠡᠳᠤᠷ ᠠᠴᠠ ᠡᠷᠳᠡ  ᠪᠠᠭᠤᠴᠢᠬᠠᠪᠠ᠃  ᠴᠡᠴᠡᠭ ᠤᠷᠤᠢ ᠶᠢᠨ ᠬᠤᠭᠤᠯᠠ ᠪᠠᠨ ᠴᠤ ᠰᠠᠶᠢᠨ ᠢᠳᠡᠵᠤ ᠴᠢᠳᠠᠬᠰᠠᠨ ᠦᠭᠡᠢ ᠪᠠᠷ ᠪᠠᠶᠢᠷᠢ ᠳᠡᠭᠡᠨ ᠬᠠᠷᠢᠵᠤ ᠢᠷᠡᠪᠡ᠃ ᠭᠡᠳᠡᠯ᠎ᠡ ᠨᠠᠶᠢᠵᠢ ᠨᠢ ᠪᠠᠰᠠ ᠯᠠ ᠢᠷᠡᠭᠡ ᠦᠭᠡᠢ ᠴᠠᠭ ᠤᠨ ᠵᠡᠬᠦᠤ ᠲᠤᠩ ᠠᠭᠠᠵᠢᠮ ᠢᠶᠠᠷ ᠲᠤᠭ ᠲᠤᠭ ᠭᠡᠵᠤ ᠴᠤᠬᠢᠯᠠᠪᠠ᠃  ᠠᠷᠪᠠᠨ  ᠨᠢᠭᠡᠨ ᠴᠠᠭ ᠪᠤᠯᠬᠤ ᠳᠤ ᠴᠡᠴᠡᠭ ᠤᠨ ᠲᠤᠳᠤᠷ᠎ᠠ ᠨᠢ ᠦᠪᠡᠷ ᠤᠨ ᠡᠷᠬᠡ ᠦᠭᠡᠢ ᠠᠶᠢᠳᠠᠰ ᠬᠦᠷᠡᠵᠤ᠂ ᠨᠠᠶᠢᠵᠢ ᠮᠢᠨᠢ ᠤᠠᠴᠠ ᠤᠴᠢᠷ ᠦᠭᠡᠢ ᠪᠤᠯ ᠯᠠᠪ ᠡᠶᠢᠮᠤ ᠤᠷᠤᠢ ᠪᠤᠯᠬᠤ ᠦᠭᠡᠢ ᠶᠤᠮ ᠳ᠋ᠠ  ᠭᠡᠵᠤ ᠪᠤᠳᠤᠬᠤ ᠳᠤ ᠬᠠᠮᠤᠭ ᠪᠡᠶ᠎ᠡ ᠨᠢ ᠲᠠᠬᠵᠢᠰ  ᠬᠢᠵᠤ  ᠪᠤᠷᠬᠠᠨ ᠮᠢᠨᠢ ᠡ᠂  ᠨᠠᠶᠢᠵᠢ ᠮᠢᠨᠢ ᠡᠩᠬᠡ ᠮᠠᠠᠳᠤ  ᠬᠠᠷᠢᠵᠤ  ᠢᠷᠡᠬᠦ ᠪᠤᠯᠤᠰᠠᠢ ᠭᠡᠵᠤ ᠴᠡᠪᠡᠷ ᠴᠠᠶᠢᠯᠭᠠᠨ ᠰᠡᠳᠬᠢᠯ ᠳᠡᠭᠡᠨ ᠲᠠᠭᠠᠳᠬᠠᠵᠤ ᠰᠠᠭᠤᠪᠠ᠃  ᠬᠦᠬᠡᠷᠤᠬᠦᠢ ᠴᠡᠴᠡᠭ ᠠᠶᠤᠵᠤ ᠵᠤᠪᠠᠭ᠋ᠤ ᠬᠤᠤᠰᠯᠠᠵᠤ ᠠᠷᠭ᠎ᠠ ᠪᠤᠰᠤ ᠴᠢᠬᠢ ᠪᠠᠨ ᠲᠠᠭ ᠲᠠᠷᠤᠵᠤ ᠤᠷᠤ ᠲᠡᠭᠡᠷ᠎ᠡ ᠪᠠᠨ ᠭᠠᠷᠴᠤ ᠤᠠᠳᠠᠬᠤ ᠬᠡᠰᠡᠨ ᠮᠠᠨᠢ ᠪᠠᠶᠢᠨᠤ ᠳ᠋ᠠ᠂ ᠨᠢᠭᠡ  ᠮᠦᠴᠡ ᠴᠤ ᠦᠩᠭᠡᠷᠡᠬᠦ ᠳᠤ ᠪᠡᠷᠭᠡ ᠰᠢᠭ ᠰᠠᠨᠠᠬᠳᠠᠪᠠ᠃ ᠭᠡᠨᠡᠳᠳᠡ ᠰᠠᠷᠠᠪᠴᠢᠨ ᠤ ᠤᠰᠤ ᠭᠤᠷᠴᠢᠬᠢᠨᠠᠨ ᠤᠷᠤᠰᠬᠤ ᠲᠠᠭᠤᠨ ᠳᠤ ᠰᠤᠴᠢᠨ ᠰᠡᠷᠡᠪᠡᠯ ᠪᠤᠷᠤᠭᠠᠨ ᠤᠯᠠᠮ ᠰᠢᠷᠡᠬᠦᠰᠴᠤ ᠪᠠᠶᠢᠯ᠎ᠠ᠃  ᠭᠡᠷ ᠲᠤᠤᠷ᠎ᠠ ᠡᠯᠡᠢ ᠬᠤᠯᠠᠢ ᠴᠡᠴᠡᠭ ᠪᠠᠭᠤᠤ᠂ ᠴᠠᠭ ᠢᠶᠠᠨ ᠦᠵᠡᠬᠦ ᠳᠤ ᠦᠷᠯᠤᠭᠡ ᠶᠢᠨ ᠵᠢᠷᠭᠤᠭᠠᠨ ᠴᠠᠭ ᠪᠤᠯᠴᠢᠬᠠᠬᠰᠠᠨ ᠪᠠᠶᠢᠵᠠᠢ᠃  ᠴᠡᠴᠡᠭ ᠮᠦᠨ ᠯᠠ  ᠲᠠᠳᠬᠠᠯ ᠶᠤᠰᠤᠭᠠᠷ ᠢᠶᠠᠨ336 ᠳ᠋ᠤᠭᠠᠷ ᠦᠷᠤᠭᠡᠨ ᠤ ᠡᠬᠦᠳᠡᠨ ᠳᠤ ᠤᠴᠢᠬᠤ ᠳᠤ ᠤᠷᠢᠳ ᠤᠨ ᠶᠤᠰᠤᠭᠠᠷ ᠤᠨᠢᠰᠤ ᠲᠠᠢ ᠡᠬᠦᠳᠡ ᠲᠡᠬᠦᠨ ᠢ ᠤᠬᠳᠠᠵᠠᠢ᠃  ᠬᠦᠬᠡᠷᠤᠬᠦᠢ ᠲᠡᠷᠡ ᠪᠦᠰᠡᠬᠦᠢ ᠶᠢᠨ ᠠᠷᠢᠭᠤᠨ ᠴᠠᠶᠢᠯᠭᠠᠨ ᠰᠡᠳᠬᠢᠯ ᠎ ᠳᠡᠭᠡᠨ ᠨᠠᠶᠢᠵᠢ ᠮᠢᠨᠢ ᠯᠠᠪ ᠴᠢᠬᠤᠯᠠ ᠤᠴᠢᠷ ᠲᠠᠢ ᠪᠤᠯᠵᠠᠢ ᠳ᠋ᠠ ᠭᠡᠵᠤ ᠪᠤᠳᠤᠵᠠᠢ᠃  ᠴᠡᠴᠡᠭ ᠠᠰᠠᠷ ᠠᠴᠠ ᠪᠠᠭᠤᠵᠤ ᠭᠡᠷ ᠠᠴᠠ ᠪᠠᠨ ᠢᠷᠡᠬᠦ ᠮᠦᠩᠬᠦ ᠪᠠᠨ ᠠᠪᠬᠤ ᠪᠠᠷ ᠤᠴᠢᠬᠤ ᠳᠤ  ᠤᠶᠢᠯᠡᠴᠢᠯᠡᠭᠴᠢ ᠭᠡᠤᠭᠡᠨ  ᠲᠠᠨ ᠤ ᠶᠠᠭᠤᠮ᠎ᠠ ᠢᠷᠡᠭᠡ ᠦᠭᠡᠢ ᠰᠢᠤ  ᠂ ᠲᠠᠷᠠᠭ᠎ᠠ ᠭᠠᠷᠠᠭ ᠳᠤ ᠢᠷᠡᠵᠤ ᠠᠪᠤᠭᠠᠷᠠᠢ ᠭᠡᠪᠡ᠃ ᠴᠡᠴᠡᠭ ᠠᠷᠭ᠎ᠠ ᠪᠤᠰᠤ ᠪᠠᠭᠤᠳᠠᠯ ᠠᠴᠠ ᠭᠠᠷᠬᠤ ᠯᠡ ᠬᠡᠷᠡᠭ ᠪᠤᠯᠵᠠᠢ᠃ ᠲᠠᠷᠠ ᠪᠠᠭᠤᠳᠠᠯ ᠠᠴᠠ ᠭᠠᠷᠬᠤ ᠭᠠᠷ ᠬᠦᠢᠴᠡᠳᠭᠡᠯ ᠢᠶᠠᠨ ᠬᠢᠵᠤ ᠪᠠᠷᠠᠮᠠᠬᠴᠠ ᠶᠠᠭᠤᠮ᠎ᠠ ᠬᠡᠤᠮ᠎ᠡ ᠢᠶᠠᠨ ᠠᠪᠴᠤ᠂  ᠨᠢᠭᠡ ᠲᠠᠨᠢᠯ ᠬᠦᠮᠦᠨ ᠤ ᠬᠢᠨ ᠦᠷᠦᠭᠡᠨ ᠳᠤ ᠠᠪᠤᠭᠠᠴᠠᠵᠤ ᠲᠠᠯᠪᠢᠵᠤ᠂  ᠴᠠᠭ ᠎ ᠢ ᠬᠠᠷᠠᠬᠤ ᠳᠤ ᠰᠠᠶ᠋ᠢ ᠦᠳᠡ ᠶᠢᠨ ᠡᠮᠦᠨ᠎ᠡ ᠠᠷᠪᠠᠨ ᠴᠠᠭ ᠪᠤᠯᠵᠤ ᠪᠠᠶᠢᠪᠠ᠂  ᠴᠡᠴᠡᠭ ᠤᠷᠤᠢ  ᠪᠤᠯᠳᠠᠯ᠎ᠠ ᠬᠦᠯᠢᠶᠡᠭᠰᠡᠨ ᠪᠤᠯᠪᠠᠴᠤ ᠨᠠᠶᠢᠵᠢ ᠨᠢ ᠪᠠᠰᠠ ᠯᠠ ᠢᠷᠡᠭᠰᠡᠨ ᠦᠭᠡᠢ᠃ ᠤᠷᠤᠢ ᠶᠢᠨ 5 ᠴᠠᠭ ᠪᠤᠯᠬᠤ ᠳᠤ ᠲᠠ ᠮᠦᠨ ᠯᠠ ᠢᠷᠡᠭᠰᠡᠨ ᠦᠭᠡᠢ᠃ ᠶᠤᠰᠤᠨ ᠳᠠᠭᠠᠨ ᠪᠤᠯ ᠲᠡᠷᠡ ᠴᠡᠴᠡᠭ ᠳᠤ ᠨᠢᠭᠡ ᠤᠳᠠᠰᠤ ᠠᠪᠤᠬᠰᠠᠨ ᠴᠤ ᠪᠤᠯᠬᠤ ᠪᠠᠶᠢᠬᠰᠠᠨ᠂  ᠭᠡᠳᠠᠯ᠎ᠠ ᠲᠡᠷᠡ ᠢᠩᠬᠢᠵᠤ ᠬᠢᠭᠰᠡᠨ ᠦᠭᠡᠢ᠂  ᠴᠡᠴᠡᠭ ᠠᠷᠭ᠎ᠠ ᠪᠤᠰᠤ ᠨᠠᠶᠢᠵᠢ ᠳᠠᠭᠠᠨ ᠨᠢᠭᠡ ᠬᠤᠪᠢ ᠵᠠᠬᠢᠳᠠᠯ ᠪᠢᠴᠢᠵᠤ ᠦᠯᠡᠳᠡᠭᠡᠵᠤ ᠶᠠᠪᠤᠬᠤ ᠯᠠ ᠪᠤᠯᠵᠠᠢ᠂ ᠤᠴᠢᠷ ᠨᠢ ᠴᠡᠴᠡᠭ ᠶᠢᠨ ᠭᠡᠷ ᠠᠴᠠ ᠶᠠᠪᠤᠭᠤᠯᠤᠬᠰᠠᠨ ᠮᠦᠩᠭᠦ ᠨᠢ ᠪᠠᠰᠠ ᠭᠡᠳᠤ ᠡᠳᠤᠷ ᠤᠨ ᠲᠠᠷᠠᠭ᠎ᠠ ᠢᠷᠡᠭᠦ ᠲᠤᠯᠠ ᠲᠡᠷᠡ ᠤ ᠪᠡᠶ᠎ᠡ ᠳᠤ ᠨᠢᠭᠡ ᠬᠤᠨᠤᠭ ᠴᠤ ᠠᠷᠭᠠᠴᠠᠭᠠᠬᠤ ᠮᠦᠩᠭᠦ ᠦᠭᠡᠢ ᠪᠠᠶᠢᠵᠠᠢ᠃ ᠲᠠᠷᠠ ᠠᠷᠭ᠎ᠠ ᠪᠤᠰᠤ ᠨᠠᠶᠢᠵᠢ ᠳᠠᠭᠠᠨ ᠨᠢᠭᠡ ᠬᠤᠪᠢ ᠵᠠᠬᠢᠳᠠᠯ ᠪᠢᠴᠢᠵᠠᠢ᠃ ᠪᠢ ᠶᠠᠪᠤᠯ᠎ᠠ ᠨᠠᠶᠢᠵᠢ ᠮᠢᠨᠢ ᠰᠠᠶᠢᠨ ᠰᠠᠭᠤᠵᠤ ᠪᠠᠶᠢᠭᠠᠷᠠᠢ᠃  ᠬᠤᠶᠠᠷ ᠡᠳᠤᠷ ᠨᠢᠭᠡ ᠰᠦᠨᠢ ᠪᠤᠷᠤᠭᠠᠨ ᠤᠷᠤᠴᠢᠬᠠᠯ᠎ᠠ᠂ ᠪᠢ ᠴᠢᠮ᠎ᠠ ᠎ ᠶᠢ ᠪᠠᠨ ᠬᠦᠯᠢᠶᠡᠭᠰᠡᠭᠡᠷ ᠬᠤᠶᠠᠷ ᠡᠳᠤᠷ ᠨᠢᠭᠡ ᠰᠦᠨᠢ ᠶᠢ ᠲᠤᠩ ᠴᠤ ᠤᠶᠢᠳᠬᠠᠷ ᠲᠠᠢ ᠦᠩᠭᠡᠷᠡᠭᠡᠪᠠ᠃ ᠭᠡᠳᠡᠯ᠎ᠠ ᠮᠢᠨᠤ ᠵᠢᠷᠦᠭᠡᠨ ᠳᠤ ᠴᠢᠨᠤ ᠮᠠᠨᠢ‌‍ᠲ᠋ᠠᠭᠤ ᠰᠤᠨᠤᠰᠤᠬᠰᠠᠭᠠᠷ ᠪᠠᠶᠢᠬᠤ ᠶᠢ ᠶᠠᠭᠠᠬᠢᠯᠳᠠᠢ ᠪᠢᠯᠠ᠃ ᠲᠤᠩ ᠴᠤ ᠶᠠᠭᠠᠷᠠᠮᠳᠠᠬᠠᠢ ᠵᠠᠩ ᠲᠠᠢ ᠨᠠᠮᠠᠢᠢ ᠪᠠᠨ ᠶᠠᠪᠤᠴᠢᠬᠠᠯ᠎ᠠ ᠭᠡᠵᠤ ᠪᠢᠳᠠᠭᠡᠢ ᠵᠢᠮᠡᠯᠡᠭᠡᠷᠡᠠᠢ  ᠂  ᠠᠭᠤᠴᠢᠯᠠᠬᠤ ᠪᠤᠯᠪᠠᠤ᠃ ᠨᠠᠳᠠᠳᠤ ᠨᠢᠭᠡ ᠴᠢᠬᠤᠯᠠ ᠤᠴᠢᠷ ᠲᠠᠢ ᠪᠤᠯᠤᠬᠰᠠᠨ ᠪᠤᠯᠬᠤᠷ ᠶᠠᠪᠤᠬᠤ  ᠯᠡ ᠭᠡᠷᠡᠭ  ᠪᠤᠯᠵᠠᠢ᠃ ᠬᠤᠵᠢᠮ ᠯᠠᠪ ᠠᠭᠤᠯᠵᠠᠬᠤ ᠢᠷᠦᠭᠡᠯ ᠪᠠᠶᠢᠯᠭᠦᠢ ᠳ᠋ᠠ ᠬᠤᠪᠢ ᠵᠠᠶᠠᠭ᠎ᠠ ᠪᠢᠳᠠ ᠬᠤᠶᠠᠷ ᠶᠢ ᠲᠠᠨᠢᠯᠴᠠᠭᠤᠯᠤᠬᠰᠠᠨ ᠶᠤᠮ ᠴᠢᠨᠢ ᠠᠭᠤᠯᠵᠢᠬᠤ ᠢᠷᠦᠭᠡᠯ ᠪᠠᠶᠢᠯᠭᠦᠢ ᠎ ᠨᠢ  ᠯᠠᠪᠳᠠᠢ ᠶᠤᠮ ᠡ᠃  ᠵᠠ ᠪᠠᠶᠠᠷᠳᠠᠢ᠂ ᠲᠠᠨ ᠤ ᠬᠠᠷᠢᠭᠤ ᠢᠷᠡᠭᠦ ᠦᠶ᠎ᠡ ᠳᠤ ᠪᠢ ᠨᠢᠭᠡᠨᠳᠠ ᠠᠴᠠ ᠶᠠᠪᠤᠴᠢᠬᠠᠬᠰᠠᠨ ᠪᠠᠶᠢᠬ᠎ᠠ ᠳ᠋ᠠ᠂ ᠬᠡᠪᠡᠴᠤ ᠡᠨᠡ  ᠪᠤᠯ ᠪᠢ ᠰᠢᠨᠡᠭᠡᠨ ᠲᠠᠨᠢᠯᠴᠠᠬᠰᠠᠨ  ᠲᠠᠨ ᠲᠠᠢ ᠪᠠᠨ ᠵᠦᠪᠬᠡᠨ ᠨᠢᠭᠡ ᠠᠭᠤᠯᠵᠠᠬᠤ ᠶᠤᠮᠰᠠᠨ ᠭᠡᠰᠡᠨ ᠪᠤᠳᠤᠯ ᠶᠤᠮ ᠡ᠃    ᠵᠠ ᠪᠠᠶᠠᠷᠳᠠᠢ  ᠂ ᠡᠭᠦᠨ᠎ᠠ  ᠴᠡᠴᠡᠭ ᠠᠴᠠ   95.9.8  7   ᠴᠠᠭ ᠬᠠᠭᠠᠰ ᠲᠤ    ᠴᠡᠴᠡᠭ ᠵᠠᠬᠢᠳᠠᠯ ᠢᠶᠠᠨ ᠪᠠᠷᠢᠵᠤ᠂  ᠭᠤᠷᠪᠠ ᠳ᠋ᠤᠭᠠᠷ ᠠᠰᠠᠷ ᠭᠠᠷᠴᠤ ᠦᠢᠯᠡᠴᠢᠯᠡᠭᠴᠢ ᠬᠡᠤᠭᠡᠨ ᠳᠤ ᠦᠭᠭᠦ ᠳᠤ ᠲᠡᠷᠡ ᠬᠡᠤᠭᠡᠨ ᠴᠡᠴᠡᠭ ᠬᠠᠷᠠᠵᠤ ᠬᠠᠶᠢᠬᠰᠠᠨ ᠮᠠᠶ᠋ᠢᠭ ᠲᠠᠢ ᠨᠦᠭᠦᠷ ᠡ᠂  ᠲᠠᠷᠠ ᠵᠠᠯᠠᠭᠤ ᠠᠯᠢ ᠬᠡᠳᠤᠢ ᠶᠠᠪᠤᠴᠢᠬᠠᠬᠰᠠᠨ ᠰᠢᠤ ᠭᠡᠵᠤ ᠠᠷᠤ ᠳᠤᠨᠢ ᠲᠠᠭᠠᠵᠤ ᠶᠠᠪᠤᠭ᠎ᠠ ᠨᠢᠭᠡ ᠬᠦᠮᠦᠨ ᠢ ᠲᠠ ᠡᠨᠡ ᠦᠷᠦᠭᠡᠨ ᠳᠤ ᠰᠠᠭᠤᠭᠠᠷᠠᠢ ᠭᠡᠵᠤ 336  ᠳ᠋ᠤᠭᠠᠷ ᠦᠷᠦᠭᠡᠨ ᠳᠤ ᠡᠭᠦᠳᠠ ᠶᠢ ᠨᠡᠭᠡᠭᠡᠵᠤ ᠦᠭᠭᠦᠭᠡᠳ ᠮᠢᠳᠠᠭ ᠮᠢᠳᠠᠭ ᠠᠯᠬᠤᠵᠤ ᠤᠤᠠᠪᠠ᠃ ᠬᠦᠭᠡᠷᠦᠭᠦᠢ ᠴᠡᠴᠡᠭ ᠶᠢᠨ ᠰᠡᠳᠬᠢᠯ ᠰᠦ ᠰᠢᠭ ᠠᠷᠢᠭᠤᠬᠠᠨ᠂  ᠶᠠᠷᠤᠨᠢ ᠮᠠᠨ ᠤ  ᠮᠠᠯᠴᠢᠨ ᠬᠦᠮᠦᠨ ᠤ  ᠰᠡᠳᠬᠢᠯ ᠡᠶᠢᠮᠤ  ᠯᠠ ᠪᠠᠶᠢᠳᠠᠭ ᠶᠤᠮ ᠡ᠂    ᠴᠡᠴᠡᠭ ᠶᠠᠭᠤᠮ  ᠭᠡᠤᠮ᠎ᠡ ᠢᠶᠠᠨ ᠠᠪᠴᠤ ᠨᠢᠭᠡ ᠲᠠᠨᠢᠯ ᠨᠠᠶᠢᠵᠢ ᠶᠢᠨ ᠬᠢᠨ ᠭᠡᠷ ᠵᠦᠭ ᠪᠤᠷᠤᠭᠠᠨ ᠤ ᠲᠤᠮᠳᠠᠭᠤᠷ᠂  ᠤᠰᠤ ᠰᠢᠪᠠᠷ ᠤᠨ ᠲᠤᠮᠳᠠᠭᠤᠷ ᠬᠡᠯᠳᠡᠷᠢᠵᠤ ᠤᠤᠠᠪᠠ᠃                   ᠬᠠᠶ᠋ᠢᠭ᠄  ᠰᠦᠨᠢᠳ ᠪᠠᠷᠠᠭᠤᠨ ᠬᠤᠰᠢᠭᠤᠨ ᠤ  ᠵᠢᠷᠦᠭᠡ ᠪᠠᠯᠭᠠᠰᠤᠨ ᠤ                                     ᠪᠠᠶᠠᠠᠭᠤᠤᠯ ᠭᠠᠴᠠᠭ᠎ᠠ    ᠮᠠᠯᠴᠢᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号