ᠬᠠᠰᠧᠴᠢᠷ
ᠨᠡᠶᠢᠲᠡᠯᠡᠭᠰᠡᠨ ᠴᠠᠭ᠄
2019/2/20
            ᠬᠠᠰᠧᠴᠢᠷ     ᠬᠠᠰᠧᠴᠢᠷ᠂ ᠡᠷᠡᠭᠳᠠᠢ᠂ ᠮᠤᠩᠭᠤᠯ ᠥᠡᠳᠤᠰᠤᠳᠠᠨ᠂ ᠰᠥᠨᠢᠤᠨ ᠵᠡᠭᠦᠨ ᠬᠤᠰᠢᠭᠤᠨ ᠤ ᠴᠢᠯᠠᠭᠤᠳᠤ ᠰᠥᠮ᠎ᠠ  ᠶᠢᠨ ᠬᠠᠪᠢ ᠳᠤ 1928 ᠤᠨ ᠤ 3 ᠳ᠋ᠤᠭᠠᠷ ᠰᠠᠷ᠎ᠠ ᠶᠢᠨ 10 ᠤ ᠡᠳᠤᠷ ᠶᠠᠳᠠᠭᠤ ᠮᠠᠯᠴᠢᠨ ᠪᠢᠯᠢᠭᠳᠦ᠂ ᠢᠤᠡᠰᠢᠡᠬᠤᠷᠯᠤ ᠶᠢᠨ ᠤᠤᠭᠠᠨ ᠭᠥᠪᠡᠭᠦᠨ ᠪᠤᠯᠵᠦ ᠲᠥᠷᠤᠪᠡ᠃     1936 ᠤᠨ ᠤ 5 ᠳ᠋ᠤᠭᠠᠷ ᠰᠠᠷ᠎ᠠ ᠠᠴᠠ 1941 ᠤᠨ ᠤ5 ᠳ᠋ᠤᠭᠠᠷ ᠰᠠᠷ᠎ᠠ ᠪᠤᠯᠳᠠᠯ᠎ᠠ ᠠᠮᠢᠳᠤᠷᠠᠯ ᠤᠨ ᠭᠠᠴᠢᠬᠳᠠᠯ ᠠᠴᠠ ᠪᠤᠯᠵᠦ ᠸᠠᠩᠴᠢᠨ᠂ ᠪᠠᠶᠠᠨ ᠯᠾᠡᠮᠴᠤᠸ᠎ᠠ ᠵᠡᠷᠬᠡ ᠶᠢᠨ ᠠᠶᠢᠯ ᠳᠤ ᠵᠠᠷᠤᠬᠳᠠᠨ ᠬᠤᠨᠢ ᠮᠡᠯ ᠬᠠᠷᠢᠭᠤᠯᠤᠨ ᠬᠠᠷ᠎ᠠ ᠪᠤᠷᠤ ᠠᠵᠢᠯ ᠬᠢᠭᠦ ᠶᠢᠨ ᠲᠠᠭᠠᠤ ᠬᠠᠶ᠋ᠨ ᠪᠠᠭ᠎ᠠ ᠰᠠᠭ᠎ᠠ ᠪᠢᠴᠢᠭ ᠥᠰᠤᠭ᠌ ᠵᠢᠭᠠᠯᠭᠠᠵᠦ ᠪᠠᠶᠢᠵᠠᠢ᠃     1941 ᠤᠨ ᠤ 6 ᠳ᠋ᠤᠭᠠᠷ ᠰᠠᠷ᠎ᠠ1944 ᠤᠨ ᠤ 6 ᠳ᠋ᠤᠭᠠᠷ ᠰᠠᠷ᠎ᠠ ᠪᠤᠯᠳᠠᠯ᠎ᠠ ᠰᠠᠶ᠋ᠢᠤ ᠨᠠᠷᠠᠩ ᠵᠠᠩᠬᠢ ᠶᠢᠨ ᠵᠡᠷᠯᠢᠭ᠋ ᠢᠶᠠᠷ ᠤᠳᠤ ᠶᠢᠨ ᠰᠢᠯᠢᠩᠬᠤᠳᠠ ᠳᠤ ᠠᠪᠠᠭ᠎ᠠ ᠶᠢᠨ ᠮᠤᠩᠭᠤᠯ ᠢ ᠮᠡᠡᠳᠤᠭᠤᠯᠬᠤ ᠲᠤᠮᠳᠠᠳᠤ ᠰᠤᠷᠭᠠᠭᠤᠯᠢ ᠳᠤ ᠰᠤᠷᠤᠯᠴᠠᠪᠡ᠃     1944 ᠤᠨ ᠤ 7 ᠰᠠᠷ᠎ᠠ ᠠᠴᠠ 1945 ᠤᠨ ᠤ 6 ᠰᠠᠷ᠎ᠠ ᠪᠤᠯᠳᠠᠯ᠎ᠠ ᠴᠢᠭᠤᠯᠤᠯᠳᠤ ᠬᠠᠭᠠᠯᠭ᠎ᠠ ᠳᠤ ᠶᠠᠫᠤᠨ ᠬᠡᠯᠡ ᠰᠤᠷᠬᠤ ᠰᠤᠷᠭᠠᠭᠤᠯᠢ ᠳᠤ ᠰᠠᠭᠤᠬᠰᠠᠨ ᠪᠠᠶᠢᠨ᠎ᠠ᠃     1945 ᠤᠨ ᠤ 7 ᠰᠠᠷ᠎ᠠ ᠠᠴᠠ ᠡᠪᠡᠤᠡᠴᠢᠨ ᠤ ᠬᠠᠷᠠᠭ᠎ᠠ ᠪᠠᠷ ᠨᠤᠳᠤᠭ ᠲᠠᠭᠠᠨ ᠪᠤᠴᠠᠵᠦ ᠪᠠᠶ᠎ᠠ ᠪᠠᠨ ᠰᠤᠪᠢᠯᠠᠬᠤ ᠶᠢᠨ ᠬᠠᠮᠳᠤ 1947 ᠤᠨ ᠤ 2 ᠰᠠᠷ᠎ᠠ ᠠᠴᠠ ᠵᠢᠩᠬᠢᠨᠢ ᠪᠠᠷ ᠬᠤᠪᠢᠰᠬᠠᠯ ᠤᠨ ᠠᠵᠢᠯ ᠳᠤ ᠤᠷᠤᠯᠴᠠᠵᠦ ᠂ ᠰᠥᠨᠢᠤᠨ ᠵᠡᠭᠦᠨ ᠬᠤᠰᠢᠭᠤᠨ ᠤ ᠠᠮᠤᠷ ᠢ ᠬᠠᠮᠠᠭᠠᠯᠠᠬᠤ ᠴᠡᠷᠢᠭ ᠲᠤ ᠪᠢᠴᠢᠬᠡᠴᠢ᠂ ᠲᠠᠰᠤᠭ ᠤᠨ ᠲᠠᠷᠤᠭ᠎ᠠ ᠶᠢᠨ ᠠᠵᠢᠯ ᠬᠢᠵᠦ᠂ 1948 ᠤᠨ ᠤ 2 ᠰᠠᠷ᠎ᠠ ᠠᠴᠠ 10 ᠰᠠᠷ᠎ᠠ ᠪᠤᠯᠳᠠᠯ᠎ᠠ ᠭᠤᠷᠪᠡ ᠲᠥᠷᠪᠡᠳᠤᠬᠡᠷ ᠰᠤᠮᠤᠨ ᠤ ᠨᠠᠷᠢᠨ ᠪᠢᠴᠢᠬᠡᠴᠢ ᠪᠠ ᠰᠤᠮᠤᠨ ᠲᠠᠷᠤᠭ᠎ᠠ ᠶᠢᠨ ᠠᠵᠢᠯ ᠢ ᠬᠠᠷᠢᠭᠤᠴᠠᠵᠦ ᠪᠠᠶᠢᠪᠠ᠃     1948 ᠤᠨ ᠤ 10 ᠰᠠᠷ᠎ᠠ ᠠᠴᠠ 1949 ᠤᠨ ᠤ 4 ᠰᠠᠷ᠎ᠠ ᠪᠤᠯᠳᠠᠯ᠎ᠠ ᠰᠢᠯᠢ ᠶᠢᠨ ᠭᠤᠤᠯ ᠠᠶᠢᠮᠠᠭ ᠤᠨ ᠺᠠᠳ᠋ᠷ ᠢ ᠪᠤᠯᠪᠠᠰᠤᠷᠠᠭᠤᠯᠬᠤ ᠰᠤᠷᠭᠠᠭᠤᠯᠢ ᠳᠤ ᠰᠤᠷᠤᠯᠴᠠᠪᠠ᠃     1949 ᠤᠨ ᠤ 5 ᠳ᠋ᠤᠭᠠᠷ ᠰᠠᠷ᠎ᠠ ᠠᠴᠠ 1951 ᠤᠨ ᠤ 4 ᠳ᠋ᠤᠬᠡᠷ ᠰᠠᠷ᠎ᠠ ᠪᠤᠯᠳᠠᠯ᠎ᠠ ᠠᠷᠪᠡᠨ ᠨᠢᠬᠡᠳᠤᠬᠡᠷ ᠰᠤᠮᠤᠨ ᠤ ᠰᠤᠮᠤᠨ ᠲᠠᠷᠤᠭ᠎ᠠ ᠪᠠᠷ ᠲᠤᠮᠢᠯᠠᠬᠳᠠᠬᠰᠠᠨ ᠪᠤᠯᠪᠡᠴᠤ ᠡᠪᠡᠤᠡᠴᠢᠨ ᠨᠢ ᠭᠥᠡᠳᠤᠷᠡᠭᠰᠠᠨ ᠪᠤᠯᠬᠤᠷ ᠴᠢᠯᠤᠬᠡ ᠠᠪᠴᠤ ᠬᠡᠷ ᠲᠡᠭᠡᠨ ᠪᠠᠶ᠎ᠠ ᠪᠠᠨ ᠰᠤᠪᠢᠯᠠᠨ ᠰᠠᠭᠤᠪᠠ᠃     1951 ᠤᠨ ᠤ 4 ᠳ᠋ᠤᠬᠡᠷ ᠰᠠᠷ᠎ᠠ ᠠᠴᠠ 11 ᠳ᠋ᠤᠬᠡᠷ ᠰᠠᠷ᠎ᠠ ᠪᠤᠯᠳᠠᠯ᠎ᠠ ᠰᠥᠨᠢᠤᠨ ᠵᠡᠭᠦᠨ ᠬᠤᠰᠢᠭᠤᠨ ᠤ ᠲᠤᠳᠤᠭᠠᠳᠤ ᠶᠢ ᠬᠠᠮᠠᠭᠠᠯᠠᠬᠤ ᠲᠤᠪᠴᠢᠶᠠᠨ ᠳᠤ ᠰᠢᠯᠵᠢᠵᠦ ᠠᠵᠢᠯᠯᠠᠬᠰᠠᠨ ᠤ ᠬᠠᠮᠳᠤ ᠨᠢᠬᠡᠳᠤᠬᠡᠷ ᠰᠤᠮᠤᠨ ᠤ ᠲᠤᠰᠬᠠᠢ ᠲᠥᠯᠤᠬᠡᠯᠡᠭᠴᠢ ᠶᠢᠨ ᠲᠤᠰᠢᠶᠠᠯ ᠢ ᠬᠠᠪᠰᠤᠷᠭᠠᠨ ᠬᠠᠷᠢᠭᠤᠴᠠᠵᠠᠢ᠃     1951 ᠤᠨ ᠤ11 ᠳ᠋ᠤᠬᠡᠷ ᠰᠠᠷ᠎ᠠ ᠠᠴᠠ1952 ᠤᠨ ᠤ 6 ᠳ᠋ᠤᠭᠠᠷ ᠰᠠᠷ᠎ᠠ ᠪᠤᠯᠳᠠᠯ᠎ᠠ ᠰᠢᠯᠢ ᠶᠢᠨ ᠭᠤᠤᠯ ᠠᠶᠢᠮᠠᠭ ᠤᠨ ᠲᠤᠳᠤᠭᠠᠳᠤ ᠶᠢ ᠬᠠᠮᠠᠭᠠᠯᠠᠬᠤ ᠰᠤᠷᠭᠠᠭᠤᠯᠢ ᠳᠤ ︽ᠭᠤᠷᠪᠡ᠂ ᠲᠠᠪᠤ ᠶᠢ ᠡᠰᠠᠷᠭᠦᠴᠠᠭᠦ︾ ᠭᠥᠳᠠᠯᠬᠡᠬᠡᠨ  ᠳᠤ ᠤᠷᠤᠯᠴᠠᠪᠠ᠃     1952 ᠤᠨ ᠤ 7 ᠳ᠋ᠤᠭᠠᠷ ᠰᠠᠷ᠎ᠠ ᠠᠴᠠ 1953 ᠤᠨ ᠤ 3 ᠳ᠋ᠤᠭᠠᠷ ᠰᠠᠷ᠎ᠠ ᠶᠢᠨ 6 ᠤ ᠡᠳᠤᠷ ᠪᠤᠯᠳᠠᠯ᠎ᠠ ᠴᠢᠭᠤᠯᠤᠯᠳᠤ ᠬᠠᠭᠠᠯᠭ᠎ᠠ ᠳᠠᠬᠢ ᠥᠪᠤᠷ ᠮᠤᠩᠭᠤᠯ ‍ᠤᠨ‌‍ᠲ᠋ᠤᠳᠤᠭᠠᠳᠤ ᠶᠢ ᠬᠠᠮᠠᠭᠠᠯᠠᠬᠤ ᠰᠤᠷᠭᠠᠭᠤᠯᠢ ᠳᠤ ᠰᠤᠷᠤᠯᠴᠠᠪᠡ᠃     1953 ᠤᠨ ᠤ 3 ᠳ᠋ᠤᠭᠠᠷ ᠰᠠᠷ᠎ᠠ ᠠᠴᠠ 1958 ᠤᠨ ᠤ 10 ᠳ᠋ᠤᠭᠠᠷ ᠰᠠᠷ᠎ᠠ ᠪᠤᠯᠳᠠᠯ᠎ᠠ ᠰᠥᠨᠢᠤᠨ ᠵᠡᠭᠦᠨ ᠬᠤᠰᠢᠭᠤᠨ ᠤ ᠤᠤᠯ ᠤᠨ ᠪᠠᠶᠠᠡᠬᠭᠤᠯᠠ ᠪᠤᠯᠤᠨ ᠴᠠᠩᠳᠤᠰᠢᠯᠢ ᠰᠤᠮᠤᠨ ᠳᠤ ᠲᠤᠰᠬᠠᠢ ᠲᠥᠯᠤᠬᠡᠯᠡᠭᠴᠢ ᠪᠠᠷ ᠠᠵᠢᠯᠯᠠᠵᠦ ᠪᠠᠶᠢᠪᠠ᠃     1955 ᠤᠨ ᠳᠤ ᠬᠤᠰᠢᠭᠤᠨ ᠤ ᠰᠢᠯᠢᠳᠡᠭ ᠤᠬᠠᠭᠤᠯᠤᠬᠴᠢ ᠪᠠᠷ ᠱᠠᠩᠨᠠᠯ ᠤᠯᠵᠦ ᠭᠥᠬᠢᠭᠦᠯᠤᠭ᠍ᠳᠠᠪᠠ᠃     1958 ᠤᠨ ᠤ 11 ᠰᠠᠷ᠎ᠠ ᠠᠴᠠ 1959 ᠤᠨ ᠤ 6 ᠰᠠᠷ᠎ᠠ ᠪᠤᠯᠳᠠᠯ᠎ᠠ ᠭᠥᠬᠡᠬᠤᠳᠠ ᠵᠢᠨ‌ᠥᠪᠤᠷ ᠮᠤᠩᠭᠤᠯ ‍ᠤᠨ‌‍ᠲ᠋ᠤᠳᠤᠭᠠᠳᠤ ᠶᠢ ᠬᠠᠮᠠᠭᠠᠯᠠᠬᠤ ᠰᠤᠷᠭᠠᠭᠤᠯᠢ ᠳᠤ ᠰᠤᠷᠤᠯᠴᠠᠪᠠ᠃     1959 ᠤᠨ ᠤ 7 ᠳ᠋ᠤᠭᠠᠷ ᠰᠠᠷ᠎ᠠ ᠠᠴᠠ 1961 ᠤᠨ ᠤ 4 ᠳ᠋ᠤᠬᠡᠷ ᠰᠠᠷ᠎ᠠ ᠪᠤᠯᠳᠠᠯ᠎ᠠ  ᠰᠥᠨᠢᠤᠨ ᠵᠡᠭᠦᠨ ᠬᠤᠰᠢᠭᠤᠨ ᠤ ᠲᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠳᠤ ᠲᠠᠰᠤᠭ ᠤᠨ ᠲᠠᠷᠤᠭ᠎ᠠ ᠶᠢᠨ ᠲᠤᠰᠢᠶᠠᠯ ᠲᠠᠢ ᠠᠵᠢᠯᠯᠠᠵᠦ ᠪᠠᠶᠢᠪᠠ᠃     1959 ᠤᠨ ᠳᠤ ᠬᠤᠰᠢᠭᠤᠨ ᠤ ᠭᠥᠳᠠᠯᠮᠤᠷᠢ ᠶᠢᠨ ᠵᠢᠱᠢᠶᠠᠴᠢ ᠪᠠᠷ ᠰᠤᠩᠭᠤᠬᠳᠠᠨ ᠤᠳᠤᠨ ᠮᠧᠳᠠᠯ ᠢᠶᠠᠷ ᠱᠠᠩᠨᠠᠬᠳᠠᠬᠰᠠᠨ ᠪᠠᠶᠢᠳᠠᠭ᠃     1961 ᠤᠨ ᠤ 4 ᠳ᠋ᠤᠬᠡᠷ ᠰᠠᠷ᠎ᠠ ᠠᠴᠠ 10 ᠳ᠋ᠤᠭᠠᠷ ᠰᠠᠷ᠎ᠠ ᠪᠤᠯᠳᠠᠯ᠎ᠠ ᠤᠤᠯ ᠤᠨ ᠪᠠᠶᠢᠷᠢᠡᠡᠭᠤᠯᠠ ᠠᠷᠠᠤᠨ  ᠤᠨ ᠨᠢᠬᠡᠳᠤᠯ ᠤᠨ ᠲᠤᠰᠬᠠᠢ ᠲᠥᠯᠤᠬᠡᠯᠡᠭᠴᠢ ᠪᠠᠷ ᠠᠵᠢᠯᠯᠠᠪᠠ᠃     1961 ᠤᠨ ᠤ10 ᠳ᠋ᠤᠭᠠᠷ ᠰᠠᠷ᠎ᠠ ᠠᠴᠠ 1962 ᠤᠨ ᠤ 7 ᠳ᠋ᠤᠭᠠᠷ ᠰᠠᠷ᠎ᠠ ᠪᠤᠯᠳᠠᠯ᠎ᠠ ᠨᠠᠷᠠᠡᠪᠤᠯᠠᠭ ᠠᠷᠠᠤᠨ ᠤᠨ ᠨᠢᠬᠡᠳᠤᠯ ᠤᠨ ᠲᠠᠳ᠋ ᠡᠷᠬᠢᠯᠡᠭᠴᠢ ᠪᠠᠷ ᠠᠵᠢᠯᠯᠠᠪᠠ᠃     1962 ᠣᠨ ᠤ 7 ᠳ᠋ᠤᠭᠠᠷ ᠰᠠᠷ᠎ᠠ ᠠᠴᠠ 1976 ᠤᠨ ᠤ 6 ᠳ᠋ᠤᠭᠠᠷ ᠰᠠᠷ᠎ᠠ ᠶᠢᠨ 15 ᠤ ᠡᠳᠤᠷ ᠪᠤᠯᠳᠠᠯ᠎ᠠ ᠴᠠᠭᠠᠡᠨᠠᠭᠤᠷ ᠠᠷᠠᠤᠨ ᠤᠨ ᠨᠢᠬᠡᠳᠤᠯ ᠤᠨ ᠲᠠᠳ᠋ ᠡᠷᠬᠢᠯᠡᠭᠴᠢ᠂ ᠲᠤᠰᠬᠠᠢ ᠲᠥᠯᠤᠬᠡᠯᠡᠭᠴᠢ ᠵᠡᠷᠬᠡ ᠲᠤᠰᠢᠶᠠᠯ ᠢ ᠡᠭᠦᠷᠬᠡᠯᠡᠵᠦ ᠪᠠᠶᠢᠪᠠ᠃     ᠡᠭᠦᠨ ᠤ ᠲᠤᠳᠤᠷ᠎ᠠ 1966 ᠤᠨ ᠤ 8 ᠳ᠋ᠤᠭᠠᠷ ᠰᠠᠷ᠎ᠠ ᠶᠢᠨ 24 ᠤ ᠡᠳᠤᠷ ᠠᠴᠠ 1969 ᠤᠨ ᠤ 12 ᠳ᠋ᠤᠭᠠᠷ ᠰᠠᠷ᠎ᠠ ᠶᠢᠨ 17 ᠤ ᠡᠳᠤᠷ ᠪᠤᠯᠳᠠᠯ᠎ᠠ ︽ᠰᠤᠶᠤᠯ ᠤᠨ ᠶᠡᠭᠡ ᠬᠤᠪᠢᠰᠬᠠᠯ︾ ᠤᠨ ᠰᠥᠷᠬᠡᠤ ᠤᠷᠤᠰᠬᠠᠯ ᠳᠤ ᠲᠠᠭᠠᠷᠢᠬᠳᠠᠵᠦ ︽ᠭᠥᠷᠤᠩᠬᠡᠳᠠᠨ ᠠᠩᠬᠢ ᠶᠢᠨ ᠵᠠᠮ ᠢᠶᠠᠷ ᠶᠠᠪᠤᠬᠴᠢ ᠡᠷᠬᠡ ᠪᠠᠷᠢᠬᠴᠢ︾᠂ ︽ᠥᠪᠤᠷ ᠠᠷᠠᠤᠨ ᠤᠨ ᠨᠠᠮᠳᠠᠨ︾᠂ ︽ᠤᠯᠤᠰ ᠠᠴᠠ ᠤᠷᠪᠠᠭ᠋ᠤ ᠡᠳᠠᠬᠡᠤᠨ︾ ᠵᠡᠷᠬᠡ ᠬᠢᠯᠢᠰ ᠭᠥᠵᠢᠷ ᠬᠤᠳᠠᠯ ᠬᠡᠷᠡᠭ ᠢᠶᠠᠷ ᠴᠤᠬᠢᠬᠳᠠᠵᠦ ᠪᠠᠶ᠎ᠠ ᠮᠠᠬᠠᠪᠤᠤᠨ ᠪᠠ ᠤᠶᠤᠨ ᠰᠠᠨᠠᠭᠠᠨ ᠤ ᠲᠠᠷᠴᠢᠯᠠᠭᠠᠯ ᠢ ᠭᠥᠢᠴᠠᠤᠨ ᠠᠮᠰᠠᠵᠦ ᠵᠡᠮᠳᠡᠭ ᠪᠤᠯᠤᠬᠰᠠᠨ ᠴᠦ ᠨᠠᠮ᠂ ᠠᠷᠠᠤᠨ ᠲᠥᠮᠡᠨ ᠳᠡᠭᠡᠨ ᠰᠢᠳᠤᠷᠭᠤ ᠪᠠᠷ ᠠᠵᠢᠯᠯᠠᠬᠰᠠᠭᠠᠷ ᠪᠠᠶᠢᠪᠠ᠃    ᠬᠠᠰᠧᠴᠢᠷ ᠨᠥᠭᠦᠷ 1984 ᠤᠨ ᠤ 3 ᠰᠠᠷ᠎ᠠ ᠶᠢᠨ 9 ᠤ ᠡᠳᠤᠷ ᠬᠤᠰᠢᠭᠤᠨ ᠠᠴᠠ ᠤᠯᠭᠤᠬᠰᠠᠨ ᠠᠵᠢᠯ  ᠠᠴᠠ ᠪᠠᠨ ᠲᠠᠷᠬᠠᠯᠠᠬᠳᠠᠬᠰᠠᠨ ᠠᠬᠠᠮᠠᠤᠨ ᠺᠠᠳ᠋ᠷ ᠤᠨ ᠢᠷᠠᠭᠤ ᠠᠯᠳᠠᠷ ᠤᠨ ᠥᠨᠠᠮᠯᠠᠯ ᠢ ᠤᠯᠵᠦ᠂ ᠪᠠᠶᠠᠡᠳᠠᠯᠬᠡᠷ ᠭᠠᠴᠠᠭᠠᠨ ᠳᠤ ᠪᠠᠶᠢᠬᠤ ᠬᠡᠷ ᠲᠡᠭᠡᠨ ᠰᠠᠭᠤᠬᠰᠠᠨ ᠴᠦ ᠠᠬᠠᠮᠠᠤᠨ ᠺᠠᠳᠠᠷ ᠤᠨ ᠢᠷᠠᠭᠤ ᠠᠯᠳᠠᠷᠳᠤ ᠤᠶᠢᠯᠠᠳᠤᠯ ᠢᠶᠠᠨ ᠪᠠᠳᠠᠷᠠᠭᠤᠯᠵᠦ ᠨᠡᠶᠢᠬᠡᠮ ᠵᠢᠷᠤᠮ ᠤᠨ ᠪᠤᠳᠠᠰ ᠤᠨ ᠪᠤᠯᠪᠠᠰᠤᠨ ᠪᠤᠯᠤᠨ ᠤᠶᠤᠨ ᠤ ᠪᠤᠯᠪᠠᠰᠤᠨ ᠤ ᠪᠠᠶᠢᠭᠤᠯᠤᠯᠳᠠ ᠳᠤ ᠥᠷᠭᠦᠯᠵᠢᠯᠠᠨ ᠬᠤᠪᠢ ᠨᠠᠮᠠᠷᠢ ᠪᠠᠨ ᠥᠵᠡᠭᠦᠯᠵᠦ ᠲᠤᠪᠤᠶᠢᠬᠰᠠᠨ ᠠᠮᠵᠢᠯᠳᠠ ᠤᠯᠤᠬᠰᠠᠨ ᠠᠴᠠ 1988 ᠤᠨ ᠤ 10 ᠰᠠᠷ᠎ᠠ ᠶᠢᠨ 7 ᠤ ᠡᠳᠤᠷ ᠠᠶᠢᠮᠠᠭ ᠤᠨ ᠲᠠᠰ ᠤᠨ ᠠᠵᠢᠯ ᠠᠴᠠ ᠪᠠᠨ ᠰᠠᠯᠵᠦ ᠲᠠᠷᠬᠠᠯᠠᠬᠳᠠᠬᠰᠠᠨ ᠠᠬᠠᠮᠠᠤᠨ ᠺᠠᠳ᠋ᠷ ᠤᠨ ᠢᠷᠠᠭᠤ ᠠᠯᠳᠠᠷ ᠢ ᠭᠥᠷᠳᠠᠵᠦ ᠪᠠᠶᠢᠵᠠᠢ᠃    1990 ᠤᠨ ᠤ 6 ᠳ᠋ᠤᠭᠠᠷ ᠰᠠᠷ᠎ᠠ ᠶᠢᠨ 12 ᠤᠨ ᠡᠳᠤᠷ ᠬᠤᠰᠢᠭᠤᠨ ᠤ ᠠᠵᠢᠯ ᠠᠴᠠ ᠪᠠᠨ ᠲᠠᠷᠬᠠᠯᠠᠬᠳᠠᠬᠰᠠᠨ ᠠᠬᠠᠮᠠᠤᠨ ᠺᠠᠳ᠋ᠷ ᠤᠨ ᠰᠠᠭᠤᠳᠠᠯ ᠤᠨ ᠬᠤᠷᠠᠯ ᠳᠤ ᠤᠷᠤᠯᠴᠠᠪᠠ᠃    1991 ᠤᠨ ᠤ 6 ᠳ᠋ᠤᠭᠠᠷ ᠰᠠᠷ᠎ᠠ ᠶᠢᠨ 26 ᠤᠨ ᠡᠳᠤᠷ ᠬᠤᠰᠢᠭᠤ ᠲᠠᠰ ᠤᠨ ᠠᠵᠢᠯ ᠠᠴᠠ ᠪᠠᠨ ᠲᠠᠷᠬᠠᠯᠠᠬᠳᠠᠬᠰᠠᠨ ᠰᠢᠯᠢᠳᠡᠭ ᠠᠬᠠᠮᠠᠤᠨ ᠺᠠᠳᠠᠷ ᠢᠶᠠᠷ ᠭᠥᠬᠢᠭᠦᠯᠤᠭ᠍ᠳᠠᠪᠠ᠃   1997 ᠤᠨ ᠳᠤ ᠥᠪᠡᠷᠳᠠᠬᠡᠨ ᠵᠠᠰᠬᠠᠤ ᠤᠷᠤᠨ ᠪᠠᠶᠢᠭᠤᠯᠤᠬᠳᠠᠬᠰᠠᠨ ᠲᠠᠪᠢᠨ ᠵᠢᠯ ᠤᠨ ᠤᠢ ᠳᠤ ᠤᠷᠤᠨ  ᠠᠴᠠ ᠣᠯᠭᠤᠬᠰᠠᠨ ᠤᠯᠤᠰ ᠪᠠᠶᠢᠭᠤᠯᠤᠬᠳᠠᠬᠤ ᠠᠴᠠ ᠡᠮᠤᠨ᠎ᠠ ᠠᠵᠢᠯ ᠳᠤ ᠤᠷᠤᠬᠰᠨ ᠠᠬᠠᠮᠠᠤᠨ ᠨᠥᠭᠦᠥᠨ ᠲᠤ ᠲᠤᠷᠠᠰᠬᠠᠬᠰᠠᠨ ᠤᠳᠤᠨ ᠮᠧᠳᠠᠯ ᠢᠶᠠᠷ ᠱᠠᠩᠨᠠᠬᠳᠠᠪᠠ᠃    1999 ᠤᠨ ᠤ 7 ᠳ᠋ᠤᠭᠠᠷ ᠰᠠᠷ᠎ᠠ ᠶᠢᠨ 25 ᠤ ᠡᠳᠤᠷ ᠤᠤᠯ ᠤᠨ ᠲᠡᠯᠬᠡᠷᠬᠠᠨ ᠰᠤᠮᠤᠨ ᠤ ᠭᠥᠳᠠᠯᠮᠤᠷᠢ ᠶᠢᠨ ᠵᠢᠱᠢᠶᠠᠴᠢ ᠪᠠᠷ ᠥᠨᠡᠯᠡᠭᠳᠠᠵᠦ᠂ ᠤᠳᠤᠨ ᠮᠧᠳᠠᠯ ᠢᠶᠠᠷ ᠡᠩᠬᠡᠷ ᠢᠶᠠᠨ ᠮᠢᠯᠢᠶᠠᠯᠭᠠᠬᠰᠠᠨ ᠪᠠᠶᠢᠨ᠎ᠠ᠃

 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号