ᠢᠮᠠᠭ᠎ᠠ ᠰᠠᠮᠨᠠᠬᠤ ᠵᠠᠩ ᠦᠢᠯᠡ ᠵᠢᠴᠢ ᠲᠡᠭᠦᠨ ᠤ ᠠᠴᠢ ᠲᠤᠰᠠ | | ᠢᠮᠠᠭ᠎ᠠ ᠶᠢᠨ ᠨᠤᠯᠤᠤᠷ ᠪᠤᠯ ᠮᠠᠯᠴᠢᠨ ᠲᠦᠮᠡᠨ ᠤ ᠨᠢᠭᠡ ᠵᠢᠯ ᠤᠨ ᠬᠠᠮᠤᠭ ᠠᠩᠬᠠᠨ ᠤ ᠤᠷᠤᠯᠭ᠎ᠠ ᠶᠢᠨ ᠭᠡᠰᠡᠭ | ᠪᠤᠯᠵᠦ᠂ ᠮᠠᠯᠴᠢᠳ ᠤᠨ ᠠᠮᠢᠳᠤᠷᠠᠯ ᠤᠨ ᠬᠡᠷᠡᠭᠴᠡᠭᠡ ᠶᠢ ᠨᠦᠬᠦᠨ ᠬᠠᠩᠭᠠᠬᠤ ᠡᠳ᠋ ᠤᠨ ᠬᠦᠴᠦᠨ ᠪᠤᠯᠳᠠᠭ ᠤᠴᠢᠷ ᠲᠠᠢ᠃ | ᠲᠡᠤᠬᠡᠨ ᠠᠴᠠ ᠠᠪᠤᠭᠠᠳ ᠢᠮᠠᠭᠠᠨ ᠨᠤᠯᠤᠤᠷ ᠪᠤᠯ ᠪᠤᠷᠤᠯᠠᠭᠤᠯᠭ᠎ᠠ ᠰᠠᠶᠢᠳᠡᠢ ᠲᠠᠸᠠᠷ ᠤᠨ ᠴᠢᠬᠤᠯᠠ ᠮᠠᠲ᠋ᠧᠷᠢᠶᠠᠯ ᠪᠤᠯᠵᠦ | ᠢᠷᠡᠭᠰᠡᠨ ᠶᠤᠮ᠃ ᠢᠮᠠᠭ᠎ᠠ ᠰᠠᠮᠨᠠᠬᠤ ᠪᠤᠯ ᠬᠠᠪᠤᠷ ᠵᠤᠨ ᠤ ᠭᠤᠤᠯ ᠠᠵᠢᠯ ᠪᠤᠯᠬᠤ ᠪᠦᠭᠡᠳ ᠴᠡᠪᠡᠷ ᠨᠤᠯᠤᠤᠷ ᠬᠤᠷᠢᠶᠠᠬᠤ | ᠵᠠᠩᠬᠢᠯᠭ᠎ᠠ ᠶᠢᠨ ᠴᠠᠭ ᠦᠶ᠎ᠡ ᠪᠤᠯᠬᠤ ᠤᠴᠢᠷ ᠢᠮᠠᠭ᠎ᠠ ᠰᠠᠮᠨᠠᠬᠤ ᠵᠠᠩ ᠦᠢᠯᠡ ᠡᠷᠴᠢᠮᠳᠠᠢ ᠶᠠᠪᠤᠭᠳᠠᠳᠠᠭ᠃ | ᠢᠮᠠᠭ᠎ᠠ ᠶᠢᠨ ᠨᠤᠯᠤᠤᠷ ᠢ ᠤᠯᠠᠩᠬᠢ ᠳᠠᠭᠠᠨ ᠬᠠᠪᠤᠷ ᠤᠨ ᠰᠡᠭᠦᠯ ᠰᠠᠷ᠎ᠠ ᠪᠠ ᠵᠤᠨ ᠤ ᠡᠬᠢᠨ ᠰᠠᠷ᠎ᠠ ᠶᠢᠨ ᠦᠶ᠎ᠡ ᠪᠠᠷ | ᠬᠦᠭᠡᠷᠡᠵᠦ ᠤᠨᠠᠵᠦ ᠡᠬᠢᠯᠡᠬᠦ ᠳᠤ᠂ ᠰᠠᠮᠨᠠᠵᠦ ᠰᠠᠯᠭᠠᠬᠤ ᠠᠵᠢᠯ ᠢᠶᠠᠨ ᠡᠬᠢᠯᠡᠳᠡᠭ᠂ ᠵᠢᠯ ᠤᠨ ᠨᠢᠭᠡ ᠤᠳᠠᠭ᠎ᠠ ᠰᠠᠮᠨᠠᠳᠠᠭ᠂ ᠡᠨᠡ | ᠦᠶ᠎ᠡ ᠮᠠᠯᠴᠢᠳ ᠰᠠᠮᠨᠠᠭᠤᠷ ︵ᠰᠠᠮᠨᠠᠭᠤᠷᠭᠠ ᠴᠤ ᠭᠡᠳᠡᠭ︶ ᠬᠠᠶᠢᠴᠢ ᠪᠠᠨ ᠪᠡᠯᠡᠳᠦᠬᠦ᠂ ᠬᠦᠯᠢᠬᠦ ᠳᠡᠭᠡᠰᠦ ᠳᠠᠮᠤᠬᠤ᠂ ᠢᠮᠠᠭ᠎ᠠ | ᠰᠠᠮᠨᠠᠬᠤ ᠡᠳᠦᠷ ᠲᠤᠭᠳᠠᠬᠤ᠂ ᠬᠠᠰᠢᠯᠭ᠎ᠠ ᠬᠢᠬᠦ᠂ ᠬᠦᠮᠦᠨ ᠬᠦᠴᠦᠨ ᠬᠡᠯᠡᠬᠦ᠂ ᠨᠤᠯᠤᠤᠷ ᠤᠨ ᠤᠭᠤᠳᠠ ᠰᠠᠪᠠ ᠬᠢᠬᠦ᠂ | ᠳᠡᠪᠢᠰᠭᠡᠷ ᠢᠰᠡᠭᠡᠢ ᠭᠠᠷᠭᠠᠬᠤ᠂ ᠰᠠᠮᠨᠠᠬᠤ ᠭᠠᠵᠠᠷ ᠢᠶᠠᠨ ᠴᠡᠪᠡᠷᠯᠡᠬᠦ ᠵᠡᠷᠭᠡ ᠪᠡᠯᠡᠳᠭᠡᠯ ᠢ ᠬᠢᠳᠡᠭ᠂ ᠰᠠᠯᠬᠢᠨ ᠲᠠᠢ ᠡᠳᠦᠷ ᠪᠤᠯ | ᠨᠦᠮᠦᠷᠢ ᠪᠠᠷᠢᠬᠤ ᠬᠡᠷᠡᠭᠳᠡᠢ ᠪᠠᠶᠢᠳᠠᠭ᠂ ᠢᠮᠠᠭ᠎ᠠ ᠶᠢᠨ ᠨᠤᠯᠤᠤᠷ ᠰᠠᠮᠨᠠᠬᠤ ᠶᠠᠪᠤᠳᠠᠯ ᠳᠤ ᠢᠮᠠᠭ᠎ᠠ ᠬᠠᠰᠢᠬᠤ᠂ ᠢᠰᠡᠬᠡᠢ ᠪᠠᠨ | ᠳᠡᠪᠢᠰᠬᠦ᠂ ᠢᠮᠠᠭ᠎ᠠ ᠵᠦᠭᠡᠭᠡᠬᠦ᠂ ᠢᠮᠠᠭ᠎ᠠ ᠬᠦᠯᠢᠬᠦ᠂ ᠬᠢᠯᠭᠠᠰᠤ ᠶᠢ ᠨᠢ ᠬᠠᠶᠢᠴᠢᠯᠠᠬᠤ᠂ ᠰᠠᠮᠨᠠᠭᠤᠷ ᠢᠶᠠᠷ ᠰᠠᠮᠨᠠᠬᠤ᠂ | ᠴᠢᠬᠢᠭᠯᠡᠵᠦ ᠰᠠᠯᠭᠠᠬᠤ᠂ ᠰᠠᠮᠨᠠᠭᠰᠠᠨ ᠬᠡᠪ ᠢᠶᠠᠷ ᠤᠷᠢᠶᠠᠨ ᠤᠭᠤᠳᠠᠯᠠᠬᠤ ᠵᠡᠷᠭᠡ ᠬᠢᠳᠡᠯ ᠤᠨ ᠳᠠᠷᠠᠭ᠎ᠠ ᠪᠠᠷ ᠶᠠᠪᠤᠭᠳᠠᠳᠠᠭ᠂ | ᠮᠠᠯᠴᠢᠳ ᠢᠮᠠᠭ᠎ᠠ ᠰᠠᠮᠨᠠᠬᠤ ᠠᠵᠢᠯ ᠢ ᠠᠶᠢᠯ ᠰᠠᠭᠠᠬᠠᠯᠳᠠ ᠪᠠᠷ ᠢᠶᠠᠨ ᠬᠠᠮᠵᠢᠯᠴᠢᠨ ᠬᠢᠳᠡᠭ ᠵᠠᠩᠰᠢᠯ ᠲᠠᠢ᠂ ᠢᠮᠠᠭ᠎ᠠ ᠶᠢᠨ | ᠨᠤᠤᠰᠤ ᠬᠦᠭᠡᠷᠡᠬᠦ ᠴᠠᠭ ᠦᠶ᠎ᠡ ᠠᠳᠠᠯᠢ ᠦᠭᠡᠢ ᠪᠠᠶᠢᠳᠠᠭ ᠢᠶᠠᠷ ᠤᠷᠢᠳᠠᠪᠡᠷ ᠡᠷ᠎ᠡ ᠰᠤᠪᠠᠢ ᠢᠮᠠᠭ᠎ᠠ ᠶᠢ ᠰᠠᠮᠨᠠᠵᠦ᠂ ᠳᠠᠷᠠᠭᠠᠪᠡᠷ | ᠳᠠᠷᠭᠤ ᠰᠠᠶᠢᠳᠠᠢ ᠡᠮ᠎ᠡ ᠢᠮᠠᠭᠠᠳ ᠢ᠂ ᠰᠡᠭᠦᠯ ᠪᠠᠷ ᠨᠢ ᠬᠦᠭᠰᠢᠨ ᠪᠠᠭᠤᠷᠠᠢ ᠭᠡᠬᠦ ᠵᠡᠷᠭᠡ ᠭᠤᠷᠪᠠᠨ ᠪᠦᠯᠦᠭ ᠬᠤᠪᠢᠶᠠᠵᠦ᠂ | ᠨᠤᠤᠰᠤ ᠨᠤᠯᠤᠤᠷ ᠢᠶᠠᠨ ᠴᠡᠪᠡᠷ ᠪᠦᠭᠡᠳ ᠭᠡᠭᠡᠭᠳᠡᠯ ᠦᠭᠡᠢ ᠰᠠᠶᠢᠬᠠᠨ ᠬᠤᠷᠢᠶᠠᠳᠠᠭ᠂ ᠢᠮᠠᠭ᠎ᠠ ᠬᠠᠰᠢᠬᠤ ᠳᠠᠭᠠᠨ ᠬᠦᠭᠡᠷᠡᠵᠦ | ᠤᠨᠵᠠᠶᠢᠭᠰᠠᠨ ᠢ ᠨᠢ ᠢᠯᠭᠠᠨ ᠠᠪᠴᠢᠷᠠᠳᠠᠭ᠂ ᠨᠤᠯᠤᠤᠷ ᠰᠠᠮᠨᠠᠭᠴᠢᠳ ᠢᠮᠠᠭᠠᠨ ᠤ ᠪᠦᠬᠦ ᠪᠡᠶ᠎ᠡ ᠶᠢᠨ ᠨᠤᠤᠰᠤ ᠶᠢ ᠦᠯᠡᠳᠡᠭᠳᠡᠯ | ᠦᠭᠡᠢ ᠰᠠᠮᠨᠠᠬᠤ ᠶᠢ ᠠᠩᠬᠠᠷᠴᠤ᠂ ᠰᠠᠮᠨᠠᠭᠤᠷ ᠤᠨ ᠦᠵᠦᠭᠦᠷ ᠢᠶᠠᠷ ᠢᠮᠠᠭᠠᠨ ᠤ ᠠᠷᠠᠰᠤ ᠬᠦᠷᠦᠰᠦ ᠶᠢ ᠭᠡᠮᠳᠦᠭᠡᠬᠦ ᠶᠢ ᠲᠤᠩ | ᠬᠢᠴᠢᠶᠡᠳᠡᠭ ᠶᠤᠮ᠃ | ᠰᠠᠮᠨᠠᠭᠤᠷ ᠬᠠᠶᠢᠴᠢ ᠬᠦᠯᠢᠶᠡ ᠪᠡᠯᠡᠳᠬᠦ — ᠰᠠᠮᠨᠠᠭᠤᠷ ᠪᠤᠯ ᠢᠮᠠᠭᠠᠨ ᠤ ᠨᠤᠯᠤᠤᠷ ᠢ ᠬᠤᠷᠢᠶᠠᠵᠦ ᠠᠪᠬᠤ ᠤᠯᠠᠨ | ᠰᠢᠳᠦ ᠲᠠᠢ ᠤᠷᠳᠤ ᠪᠤᠯᠤᠳ ᠤᠳᠠᠰᠤ ᠪᠠᠷ ᠮᠠᠳᠠᠭᠠᠵᠦ ᠬᠢᠭᠰᠡᠨ ᠬᠡᠷᠡᠭᠯᠡᠭᠦᠷ ᠡᠳ᠋ ᠪᠤᠯᠤᠨ᠎ᠠ᠃ ᠢᠮᠠᠭ᠎ᠠ ᠰᠠᠮᠨᠠᠬᠤ ᠳᠤ ᠯᠠ | ᠬᠡᠷᠡᠭᠯᠡᠳᠡᠭ ᠪᠠᠭᠠᠵᠢ᠂ ᠬᠠᠶᠢᠴᠢ ᠪᠤᠯ ᠢᠮᠠᠭᠠᠨ ᠤ ᠤᠷᠳᠤ ᠬᠢᠯᠭᠠᠰᠤ ᠶᠢ ᠬᠢᠷᠭᠠᠵᠦ ᠠᠪᠬᠤ ᠡᠳ᠋ᠯᠡᠯ᠃ ᠬᠦᠯᠢᠶᠡ ᠪᠤᠯ ᠰᠠᠮᠨᠠᠬᠤ | ᠢᠮᠠᠭ᠎ᠠ ᠶᠢᠨ ᠬᠦᠯ ᠢ ᠤᠶᠠᠵᠦ ᠲᠤᠷᠭᠤᠭᠠᠬᠤ ᠲᠡᠭᠡᠰᠦ ᠪᠤᠯᠤᠨ᠎ᠠ᠃ | ᠢᠮᠠᠭ᠎ᠠ ᠰᠠᠮᠨᠠᠬᠤ ᠡᠳᠦᠷ ᠭᠠᠷᠭᠠᠬᠤ ᠪᠠ ᠬᠦᠴᠦᠨ ᠬᠡᠯᠡᠬᠦ — ᠤᠯᠠᠨ ᠲᠤᠭᠠᠨ ᠤ ᠢᠮᠠᠭ᠎ᠠ ᠲᠠᠢ ᠠᠶᠢᠯ ᠡᠷᠦᠬᠡ᠂ | ᠬᠦᠮᠦᠨ ᠬᠦᠴᠦᠨ ᠬᠦᠷᠦᠯᠴᠡᠬᠦ ᠦᠭᠡᠢ ᠠᠴᠠ ᠰᠠᠮᠨᠠᠵᠦ ᠬᠤᠷᠢᠶᠠᠵᠦ ᠵᠠᠪᠳᠤᠬᠤ ᠦᠭᠡᠢ ᠪᠠᠷ ᠭᠡᠭᠡᠵᠦ ᠦᠷᠡᠬᠦ ᠶᠠᠪᠤᠳᠠᠯ | ᠵᠦᠩᠳᠡᠭᠡᠨ ᠭᠠᠷᠳᠠᠭ᠂ ᠡᠶᠢᠮᠦ ᠠᠴᠠ ᠤᠶᠢᠷᠠᠯᠴᠠᠭ᠎ᠠ ᠠᠶᠢᠯ ᠳᠠᠭᠠᠨ ᠭᠡᠯᠡᠵᠦ ᠬᠠᠪᠰᠤᠷᠠᠭᠤᠯᠳᠠᠭ ᠪᠠᠷ ᠵᠦᠪᠳᠡᠯᠴᠡᠨ ᠡᠳᠦᠷ | ᠲᠤᠭᠳᠠᠨ ᠢᠮᠠᠭ᠎ᠠ ᠪᠠᠨ ᠰᠠᠮᠨᠠᠵᠦ ᠨᠤᠯᠤᠤᠷ ᠤᠨ ᠬᠤᠷᠢᠶᠠᠯᠳᠠ ᠶᠢ ᠤᠯᠳᠠᠭ ᠶᠤᠮ᠃ ᠬᠠᠷᠢᠯᠴᠠᠨ ᠲᠤᠰᠠᠯᠠᠯᠴᠠᠬᠤ ᠪᠠ | ᠬᠠᠷᠢᠯᠴᠠᠨ ᠬᠠᠪᠰᠤᠷᠤᠯᠴᠠᠬᠤ ᠪᠤᠯ ᠬᠦᠳᠡᠭᠡ ᠶᠢᠨ ᠮᠠᠯᠴᠢᠨ ᠠᠷᠠᠳ ᠤᠨ ᠰᠠᠶᠢᠬᠠᠨ ᠵᠠᠩᠰᠢᠯ ᠶᠤᠮ᠃ | ᠢᠮᠠᠭ᠎ᠠ ᠰᠠᠮᠨᠠᠬᠤ — ᠢᠮᠠᠭ᠎ᠠ ᠰᠠᠮᠨᠠᠬᠤ ᠳᠤ ᠢᠮᠠᠭᠠᠨ ᠤ ᠨᠤᠯᠤᠤᠷ ᠢ ᠴᠡᠪᠡᠷ ᠠᠪᠬᠤ ᠶᠢᠨ ᠲᠤᠯᠠᠳᠠ ᠭᠠᠵᠠᠷ ᠢᠶᠠᠨ | ᠴᠡᠪᠡᠷᠯᠡᠨ ᠬᠤᠭ ᠨᠤᠪᠰᠢ ᠶᠢ ᠨᠢ ᠠᠷᠢᠯᠭᠠᠵᠦ ᠲᠠᠪᠢᠰᠭᠡᠷ ᠲᠠᠯᠪᠢᠨ᠎ᠠ᠃ ᠨᠤᠤᠷᠠᠭᠰᠠᠨ ᠢᠮᠠᠭ᠎ᠠ ᠪᠠᠨ ᠲᠡᠪᠢᠰᠭᠡᠷ ᠲᠡᠭᠡᠷ᠎ᠡ ᠪᠠᠨ | ᠤᠶᠢᠴᠢᠭᠤᠯᠵᠦ ᠲᠦᠷᠪᠡᠨ ᠮᠦᠴᠢ ᠶᠢ ᠨᠢ ︽ᠬᠦᠯᠢᠶᠡᠨ ᠲᠡᠭᠡᠰᠦ︾ ᠪᠠᠷ ᠢᠶᠠᠨ ᠰᠠᠶᠢᠳᠦᠷ ᠬᠦᠯᠢᠵᠦ ᠲᠠᠯᠪᠢᠨ᠎ᠠ᠃ | ᠢᠩᠭᠢᠮᠡᠨᠵᠢᠨ ᠰᠠᠶ᠋ᠢ ᠰᠠᠮᠨᠠᠵᠦ ᠡᠬᠢᠯᠡᠨ᠎ᠡ᠃ ᠰᠠᠮᠨᠠᠭᠤᠷᠭᠠ ᠲᠦᠭᠦᠷᠬᠦ ᠪᠦᠷᠢ ᠰᠠᠮᠨᠠᠭᠰᠠᠨ ᠨᠤᠯᠤᠤᠷ ᠢᠶᠠᠨ ᠰᠠᠯᠭᠠᠵᠦ ᠶᠡᠭᠦᠯᠡᠨ᠎ᠡ | ᠂ ᠶᠡᠭᠦᠯᠡᠬᠦ ᠲᠡᠭᠡᠨ ᠤᠷᠢᠳᠠᠪᠠᠷ ᠰᠠᠮᠨᠠᠬᠤ ᠪᠠᠨᠽᠠᠨ ᠲᠡᠭᠡᠷ᠎ᠡ ᠪᠠᠨ ᠤᠰᠤ ᠰᠦᠷᠴᠢᠵᠦ ᠴᠢᠬᠢᠭᠯᠡᠭᠰᠡᠨ ᠢᠶᠠᠨ ᠦᠷᠦᠵᠦ | ᠨᠡᠶᠢᠰᠢᠭᠦᠯᠦᠭᠡᠳ ᠲᠦᠯᠭᠢᠵᠦ ᠭᠠᠷᠭᠠᠭᠰᠠᠨ ᠢᠶᠠᠨ ᠨᠤᠯᠤᠤᠷ ᠢᠶᠠᠨ ᠤᠷᠢᠶᠠᠵᠦ ᠤᠭᠤᠳᠠᠨ ᠳᠤ ᠬᠢᠵᠦ ᠲᠠᠯᠪᠢᠳᠠᠭ᠃ ᠢᠩᠭᠢᠬᠦ | ᠨᠢ ᠨᠤᠯᠤᠤᠷ ᠤᠨ ᠪᠤᠳᠠᠷᠠᠵᠦ ᠬᠡᠶᠢᠰᠬᠦ ᠶᠢ ᠰᠡᠷᠭᠡᠶᠢᠯᠡᠬᠦ ᠪᠠ ᠨᠤᠯᠤᠤᠷ ᠤᠨ ᠴᠢᠨᠠᠷ ᠢ ᠪᠠᠳᠤᠯᠠᠳᠠᠭ ᠪᠠᠶᠢᠨ᠎ᠠ᠃ ᠭᠠᠷᠤᠯᠳᠠ ᠶᠢᠨ | ᠬᠡᠮᠵᠢᠶ᠎ᠡ — ᠬᠡᠮᠵᠢᠨ ᠪᠠᠶᠢᠴᠠᠭᠠᠯᠳᠠ ᠶᠢ ᠦᠨᠳᠦᠰᠦᠯᠡᠪᠡᠯ᠂ ᠤᠬᠤᠨ᠎ᠠ ᠨᠢᠭᠡᠪᠦᠷᠢ ᠠᠴᠠ 553,93 ᠭᠷᠠᠮ᠂ ᠡᠮ᠎ᠡ | ᠢᠮᠠᠭ᠎ᠠ ᠨᠢᠭᠡᠪᠦᠷᠢ ᠠᠴᠠ 455,46 ᠭᠷᠠᠮ ᠨᠤᠯᠤᠤᠷ ᠬᠤᠷᠢᠶᠠᠳᠠᠭ ᠪᠠᠶᠢᠨ᠎ᠠ᠃ ᠡᠨᠡ ᠪᠤᠯ ᠦᠵᠦᠮᠦᠴᠢᠨ ᠴᠠᠭᠠᠨ ᠢᠮᠠᠭᠠᠨ ᠤ | ᠨᠤᠯᠤᠤᠷ ᠤᠨ ᠲᠤᠮᠳᠠᠴᠢ ᠭᠠᠷᠴᠠ ᠪᠤᠯᠤᠨ᠎ᠠ᠃ | ᠰᠠᠮᠨᠠᠭᠰᠠᠨ ᠢᠮᠠᠭ᠎ᠠ ᠪᠠᠨ ᠬᠠᠷᠠᠭᠠᠯᠵᠠᠬᠤ — ᠰᠠᠮᠨᠠᠭᠰᠠᠨ ᠤ ᠳᠠᠷᠠᠭ᠎ᠠ ᠪᠠᠷ ᠠᠭᠤᠷ ᠠᠮᠢᠰᠬᠤᠯ ᠤᠨ ᠬᠤᠪᠢᠷᠠᠯᠳᠠ ᠶᠢ | ᠠᠵᠢᠭᠯᠠᠵᠦ᠂ ᠬᠦᠢᠳᠡᠨ ᠰᠠᠯᠬᠢ ᠪᠤᠶᠤ ᠪᠤᠷᠤᠭᠠᠨ ᠤᠷᠤᠪᠠᠯ ᠢᠮᠠᠭᠠᠳ ᠢᠶᠠᠨ ᠭᠡᠷ ᠤᠨ ᠤᠶᠢᠷᠠᠯᠴᠠᠭ᠎ᠠ ᠪᠡᠯᠴᠢᠭᠡᠷ ᠲᠤ | ᠬᠠᠷᠢᠭᠤᠯᠵᠦ᠂ ᠬᠤᠳᠠᠯᠠᠬᠤ ᠳᠤ ᠲᠦᠭᠦᠮ ᠪᠠᠶᠢᠯᠭᠠᠨ᠂ ᠬᠡᠷᠪᠡ ᠪᠡᠭᠡᠷᠡᠵᠦ ᠡᠯᠡᠭᠳᠡᠬᠦ ᠪᠠᠶᠢᠳᠠᠯ ᠲᠠᠢ ᠪᠤᠯ ᠳᠠᠷᠤᠶᠢᠬᠠᠨ ᠨᠦᠮᠦᠷᠢ | ᠭᠠᠵᠠᠷ ᠠᠪᠴᠢᠷᠠᠬᠤ ᠪᠤᠶᠤ ᠳᠤᠯᠠᠭᠠᠨ ᠬᠤᠷᠤᠭ᠎ᠠ ᠳᠤ ᠬᠢᠳᠡᠭ᠂ ᠨᠢᠭᠡᠨᠳᠡ ᠬᠡᠭᠡᠷ᠎ᠡ ᠡᠯᠡᠭᠳᠡᠭᠰᠡᠨ ᠪᠤᠯ ᠬᠠᠭᠤᠷᠠᠢ ᠡᠯᠡᠰᠦ | ᠰᠢᠷᠤᠢ ᠪᠠᠷ ᠨᠦᠬᠡ ᠮᠠᠯᠳᠠᠵᠦ ᠳᠠᠷᠤᠵᠦ ᠳᠠᠯᠪᠢᠳᠠᠭ᠂ ᠢᠩᠭᠢᠪᠡᠯ ᠪᠡᠭᠡᠷᠡᠬᠦ ᠨᠢ ᠳᠠᠶᠢᠯᠤᠭᠳᠠᠳᠠᠭ ᠶᠤᠮ᠃ ᠨᠤᠯᠤᠤᠷ ᠤᠨ | ᠠᠰᠢᠭ ᠲᠤᠰᠠ — ᠨᠤᠤᠰᠤ ᠨᠤᠯᠤᠤᠷ ᠢ ᠤᠳᠠᠰᠤ ᠡᠭᠡᠷᠡᠵᠦ ᠰᠢᠷᠳᠡᠭ ᠤᠭᠤᠳᠠ ᠰᠢᠷᠢᠬᠦ᠂ ᠬᠤᠮ ᠨᠡᠬᠡᠬᠦ᠂ ᠡᠪᠡᠭᠡᠴᠢ | ᠳᠠᠳᠠᠯᠭ᠎ᠠ ᠳᠠᠮᠤᠬᠤ ᠵᠡᠷᠭᠡ ᠳᠤ ᠬᠡᠷᠡᠭᠯᠡᠳᠡᠭ ᠪᠠᠶᠢᠭᠰᠠᠨ ᠪᠦᠭᠡᠳ ᠬᠠᠳᠠᠭᠠᠯᠠᠬᠤ ᠪᠠᠨ ᠰᠡᠭᠦᠳᠡᠷ ᠲᠤ ᠬᠠᠳᠠᠭᠠᠨ᠂ ᠨᠠᠷᠠ | ᠪᠤᠷᠤᠭ᠋ᠨ ᠠᠴᠠ ᠰᠡᠷᠭᠡᠶᠢᠯᠡᠵᠦ ᠠᠪᠳᠠᠷ᠎ᠠ ᠪᠤᠶᠤ ᠤᠭᠤᠳᠠᠨ ᠳᠤ ᠤᠭᠤᠳᠠᠯᠠᠨ ᠬᠢᠵᠦ ᠳᠠᠯᠪᠢᠨ᠎ᠡ᠂ ᠦᠩᠭᠡᠷᠡᠭᠰᠡᠨ ᠳᠤ | ᠤᠯᠠᠩᠬᠢ ᠳᠠᠭᠠᠨ ᠲᠤᠳᠤᠷ᠎ᠠ ᠭᠠᠵᠠᠷ ᠤᠨ ᠠᠷᠠᠯᠵᠢᠶᠠᠴᠦᠳ ᠲᠤ ᠬᠤᠳᠠᠯᠳᠤᠨ ᠦᠭᠴᠤ ᠠᠮᠢᠳᠤᠷᠠᠯ ᠤᠨ ᠢᠶᠠᠨ ᠬᠡᠷᠡᠭᠯᠡᠭᠡᠨ ᠤ | ᠪᠤᠳᠠᠰ ᠢ ᠰᠤᠯᠢᠵᠦ ᠠᠪᠳᠠᠭ ᠪᠠᠶᠢᠵᠠᠢ᠃ | ᠬᠤᠨᠢᠨ ᠤ ᠨᠤᠤᠰᠤ᠂ ᠬᠤᠷᠠᠭᠠᠨ ᠤᠩᠭᠠᠰᠤ᠂ ᠢᠮᠠᠭᠠᠨ ᠨᠤᠯᠤᠤᠷ ᠵᠡᠷᠭᠡ ᠭᠠᠷᠤᠯᠳᠠ ᠶᠢ ᠮᠠᠯᠴᠢᠳ ᠢᠰᠡᠭᠡᠢ ᠬᠢᠬᠦ | ᠭᠡᠰᠡᠭ ᠢᠶᠠᠨ ᠠᠪᠴᠤ ᠬᠤᠴᠤᠷᠤᠭᠠᠳ ᠬᠡᠷᠡᠭᠴᠡᠭᠡᠨ ᠳᠤ ᠤᠷᠤᠭᠤᠯᠳᠠᠭ ᠪᠤᠯᠪᠠᠴᠤ ᠪᠤᠰᠤᠳ ᠦᠯᠡᠳᠡᠭᠰᠡᠨ ᠭᠡᠰᠡᠭ ᠢ | ᠤᠯᠠᠩᠬᠢ ᠳᠠᠭᠠᠨ ᠬᠤᠳᠠᠯᠳᠤᠨ ᠪᠤᠷᠤᠯᠠᠭᠤᠯᠳᠠᠭ ᠶᠤᠮ᠃ ᠮᠠᠯ ᠪᠠ ᠮᠠᠯ ᠤᠨ ᠠᠰᠢᠭ ᠰᠢᠮ᠎ᠡ ᠶᠢᠨ ᠭᠠᠷᠤᠯᠳᠠ ᠨᠢ | ᠮᠠᠯᠴᠢᠳ ᠤᠨ ᠠᠮᠢᠳᠤᠷᠠᠯ ᠦᠢᠯᠡᠳᠪᠦᠷᠢᠯᠡᠯ ᠤᠨ ᠵᠢᠯ ᠤᠨ ᠪᠦᠬᠦ ᠤᠷᠤᠯᠭ᠎ᠠ ᠶᠢᠨ ᠭᠡᠰᠡᠭ ᠪᠤᠯᠬᠤ ᠪᠦᠭᠡᠳ ᠠᠮᠢᠳᠤᠷᠠᠯ ᠤᠨ | ᠪᠦᠬᠦᠶᠢᠯᠡ ᠬᠡᠷᠡᠭᠴᠡᠭᠡᠨ ᠤ ᠭᠦᠢᠯᠭᠡᠭᠡᠨ ᠤ ᠲᠠᠸᠠᠷ ᠪᠤᠯᠬᠤ ᠪᠦᠭᠡᠳ ᠲᠠᠬᠢᠨ ᠦᠢᠯᠡᠳᠪᠦᠷᠢᠯᠡᠯ ᠤᠨ ᠭᠡᠰᠡᠭ ᠤᠨ ᠨᠦᠬᠦᠪᠦᠷᠢ | ᠪᠤᠯᠳᠠᠭ ᠶᠤᠮ᠃ |