ᠳᠠᠯᠠᠨ ᠨᠠᠰᠣᠳᠠᠢ ᠡᠵᠢ ᠶᠢᠨ ᠪᠢᠴᠢᠭᠰᠡᠨ ᠳᠠᠭᠤᠤ ᠨᠠᠶᠢᠳᠠ ᠳᠤ ᠬᠥᠷᠤᠨ᠎ᠠ
ᠨᠡᠶᠢᠲᠡᠯᠡᠭᠰᠡᠨ ᠴᠠᠭ᠄
2019/2/22
            ᠳᠠᠯᠠᠨ ᠨᠠᠰᠣᠳᠠᠢ ᠡᠵᠢ ᠶᠢᠨ ᠪᠢᠴᠢᠭᠰᠡᠨ ᠳᠠᠭᠤᠤ ᠨᠠᠶᠢᠳᠠ ᠳᠤ ᠬᠥᠷᠤᠨ᠎ᠠ           ᠰᠥᠨᠢᠳ ᠵᠡᠬᠦᠨ ᠬᠤᠰᠢᠭᠤᠨ ᠤ ᠮᠠᠨᠳᠠᠯᠳᠣ ᠪᠠᠯᠭᠠᠰᠥ ᠪᠠᠷ ᠨᠤᠳᠤᠭᠳᠠᠢ᠂ ᠳᠠᠯᠠᠨ ᠭᠤᠷᠪᠠᠳᠠᠢ ᠰᠠᠷᠠᠨᠴᠢᠮᠡᠭ ᠨᠠᠰᠣᠳᠠᠨ ᠥᠩᠬᠡᠷᠡᠬᠦ ᠵᠢᠯ ᠪᠢᠴᠢᠭᠰᠡᠨ ︽ᠠᠮᠢᠨ ᠬᠠᠶᠢᠷᠠᠳᠠᠢ ᠰᠥᠨᠢᠳ ᠨᠤᠳᠤᠭ︾ ︵ᠳᠠᠭᠤᠤ ᠶᠢᠨ ᠰᠢᠯᠥᠭ ᠢ ᠪᠢᠴᠢᠵᠡᠢ︶ ᠬᠡᠳᠡᠭ ᠳᠠᠭᠤᠤ ᠰᠥᠨᠢᠳ ᠵᠡᠬᠦᠨ ᠬᠤᠰᠢᠭᠤᠨ ᠤ ᠰᠢᠷᠠᠭᠴᠢᠨ ᠭᠠᠭ᠋ᠠᠢ ᠵᠢᠯ ᠤᠨ ᠴᠠᠭᠠᠨ ᠰᠠᠷ᠎ᠠ ᠶᠢᠨ ᠥᠳᠡᠰᠢᠯᠡᠭᠡ ᠪᠠᠷ ᠠᠩᠬ᠎ᠠ ᠳᠠᠭᠤᠯᠠᠭᠳᠠᠭᠰᠠᠨ ᠠᠴᠠ ᠨᠠᠰᠢ᠂ ᠨᠠᠶᠢᠳᠠ ᠳᠤ ᠳᠠᠮᠨᠵᠢᠭᠳᠠᠨ ᠳᠠᠭᠤᠯᠠᠭᠳᠠᠬᠤ ᠰᠠᠶᠢᠬᠠᠨ ᠳᠠᠭᠤᠤ ᠰᠢᠨ᠎ᠡ ᠪᠠᠷ ᠨᠡᠮᠡᠭᠳᠡᠵᠡᠢ᠃            ᠨᠠᠰᠣᠳᠠᠨ ᠲᠤᠰ ᠳᠠᠭᠤᠤ ᠶᠢᠨ ᠠᠶ᠎ᠠ ᠶᠢ ᠬᠡ᠊᠂ ᠰᠡᠴᠡᠨᠳᠣ ᠬᠡᠳᠡᠭ ᠬᠥᠮᠥᠨ ᠢᠶᠠᠷ ᠪᠢᠴᠢᠬᠦᠯᠵᠤ᠂ ᠳᠠᠭᠤᠴᠢᠨ ᠰᠣᠭᠤᠨᠠᠭ ᠪᠤᠯᠤᠨ ᠴᠤᠯᠮᠤᠨᠴᠠᠴᠡᠭ ᠢᠶᠠᠷ ᠳᠠᠭᠤᠯᠠᠭᠤᠯᠵᠡᠢ᠃ ᠮᠠᠯᠴᠢᠨ ᠠᠪᠤ ᠡᠵᠢ ᠪᠠᠨ ᠳᠠᠭᠠᠵᠤ᠂ ᠮᠠᠯ  ᠤᠨ ᠬᠢᠰᠢᠭ ᠲᠠᠢ ᠰᠥᠨᠢᠳ ᠨᠤᠳᠤᠭ ᠲᠤ ᠥᠰᠴᠥ ᠲᠤᠷᠨᠢᠭᠰᠠᠨ ᠨᠠᠰᠣᠳᠠᠨ ᠳᠠᠯᠠᠨ ᠨᠠᠰᠣ ᠶᠢ ᠳᠠᠪᠠᠳᠠᠯ᠎ᠠ ᠵᠢᠷᠭᠠᠭᠤᠯᠤᠭᠰᠠᠨ ᠬᠠᠯᠠᠭᠤᠨ ᠡᠯᠢᠬᠡᠨ ᠨᠤᠳᠤᠭ ᠲᠠᠭᠠᠨ ᠠᠴᠢ ᠬᠠᠷᠢᠭᠤᠯᠳᠠ ᠪᠠᠷᠢᠬᠤ ᠰᠡᠳᠬᠢᠯ ᠢᠶᠠᠷ ᠡᠨᠡ ᠳᠠᠭᠤᠤ  ᠪᠠᠨ ᠪᠢᠴᠢᠭᠰᠡᠨ ᠪᠠᠶᠢᠵᠡᠢ᠃ ᠡᠨᠡ ᠳᠠᠭᠤᠤ ᠶᠢ ᠬᠥᠮᠥᠰ ᠶᠡᠭᠡ ᠰᠣᠨᠣᠰᠬᠤ ᠲᠤᠷᠠᠳᠠᠢ᠂ ᠳᠠᠭᠤᠯᠠᠬᠤ ᠳᠣᠷᠠᠳᠠᠢ ᠪᠤᠯᠵᠤ ᠪᠠᠶᠢᠭ᠎ᠠ ᠲᠤᠬᠠᠢ ᠨᠠᠰᠣᠳᠠᠨ᠄ ︽ᠨᠤᠳᠤᠭ ᠤᠨ ᠢᠶᠠᠨ ᠥᠨᠡᠨ ᠶᠠᠭᠤᠮ᠎ᠠ ᠶᠢ ᠪᠢᠴᠢᠭᠰᠡᠨ ᠳᠤ ᠯᠡ ᠪᠠᠶᠢᠭ᠎ᠠ ᠪᠢᠵᠠ᠂ ᠳᠠᠭᠤᠤ ᠮᠢᠨᠢ ᠰᠣᠨᠣᠰᠣᠭᠴᠢᠳ ᠤᠨ ᠰᠡᠳᠬᠢᠯ ᠳᠤ ᠬᠥᠷᠴᠥ ᠪᠠᠶᠢᠪᠠᠯ ᠲᠡᠷᠡ ᠨᠢ ᠮᠢᠨᠢ ᠠᠵᠠ︾ ᠬᠡᠵᠤ ᠪᠠᠶᠠᠷᠯᠠᠵᠤ ᠪᠠᠶᠢᠪᠠ᠃            ᠳᠠᠶᠢᠮᠤ ᠡ᠂ ᠡᠬᠡᠯ ᠪᠤᠷᠤᠭᠵᠢᠭᠤᠨ ᠥᠬᠡ ᠲᠠᠢ ᠠᠳᠠᠯ᠎ᠠ ᠪᠠᠨ ᠰᠥᠨᠢᠳ ᠨᠤᠳᠤᠭ ᠤᠨ ᠪᠠᠶᠢᠭᠠᠯᠢ ᠤᠷᠴᠢᠨ᠂ ᠠᠬᠤᠢ ᠪᠠᠶᠢᠳᠠᠯ᠂ ᠰᠣᠶᠣᠯ ᠵᠠᠩᠰᠢᠯ᠂ ᠬᠥᠭᠵᠢᠯ ᠬᠤᠪᠢᠷᠠᠯ ᠢ ᠲᠠᠷᠡ ᠴᠡᠭ ᠢᠶᠠᠷ ᠨᠢ ᠬᠤᠷᠢᠶᠠᠩᠭᠤᠶᠢᠯᠡᠨ ᠲᠤᠳᠤᠷᠠᠭᠤᠯᠵᠤ ᠴᠢᠳᠠᠭᠰᠠᠨ ᠬᠡᠮᠡᠷ ᠳᠠᠭᠤᠯᠠᠬᠤ ᠳᠤ᠂ ᠰᠡᠳᠬᠢᠯ ᠳᠤ ᠬᠥᠷᠳᠡᠭ ᠰᠠᠶᠢᠬᠠᠨ ᠪᠥᠳᠥᠬᠡᠯ ᠪᠠᠶᠢᠨ᠎ᠡ ᠬᠡᠳᠡᠭ  ᠢ ᠰᠣᠭᠤᠨᠠᠭ᠂ ᠴᠤᠯᠮᠤᠨᠴᠡᠴᠡᠭ ᠤᠨ ᠳᠠᠭᠤᠯᠠᠭᠰᠠᠨ ᠠᠴᠠ ᠮᠡᠳᠡᠷᠡᠨ᠎ᠡ ᠤᠤ︖
 
ᠢᠷᠡᠯᠲᠡ᠄ ᠬᠤᠰᠢᠭᠤ ᠰᠣᠶᠣᠯ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号