ᠬᠦᠳᠡᠭᠡ ᠬᠡᠬᠡᠷ᠎ᠡ ᠠᠮᠢᠳᠠᠨ ᠤ ᠦᠬᠦᠳᠡᠯ ᠢ ᠪᠤᠬᠢᠷᠳᠤᠯ ᠦᠬᠡᠢ ᠰᠢᠶᠳᠪᠦᠷᠢᠯᠡᠬᠦ ᠳᠤ ᠤᠯᠠᠩᠬᠢ ᠳᠠᠭᠠᠨ | ᠰᠢᠭᠤᠳ ᠪᠤᠯᠠᠬᠤ ᠠᠷᠭ᠎ᠠ ᠪᠠ ᠰᠢᠲᠠᠭᠠᠬᠤ ᠠᠷᠭ᠎ᠠ ᠶᠢ ᠬᠡᠷᠡᠭᠯᠡᠳᠡᠭ᠃ | ᠨᠢᠬᠡ᠂ ᠰᠢᠭᠤᠳ ᠪᠤᠯᠠᠬᠤ ᠠᠷᠭ᠎ᠠ | ⒈ ᠪᠤᠯᠠᠬᠤ ᠭᠠᠵᠠᠷ ᠢ ᠰᠣᠩᠭᠤᠬᠤ ᠳᠤ ᠭᠠᠵᠠᠷ ᠤᠨ ᠪᠠᠶᠢᠴᠠ ᠶᠢ ᠥᠨᠳᠥᠷ ᠬᠠᠭᠤᠷᠠᠶ᠂ ᠰᠠᠯᠬᠢᠨ ᠤ | ᠳᠣᠤᠷ᠎ᠠ ᠲᠠᠯ᠎ᠠ ᠳᠤ ᠪᠠᠶᠢᠯᠭᠠᠬᠤ ᠬᠡᠷᠡᠭᠲᠡᠶ᠃ ᠮᠠᠯ ᠤᠨ ᠫᠧᠩ ᠬᠤᠷᠤᠭ᠎ᠠ᠂ ᠤᠷᠤᠨ ᠰᠠᠭᠤᠴᠠ᠂ ᠤᠰᠤᠨ ᠰᠤᠷᠪᠤᠯᠵᠢ | ᠂ ᠵᠠᠮ ᠬᠠᠷᠢᠯᠴᠠᠭ᠎ᠠ ᠵᠡᠷᠭᠡ ᠦᠶᠯᠡᠳᠪᠦᠷᠢᠯᠡᠯ ᠠᠮᠢᠳᠤᠷᠠᠯ ᠤᠨ ᠲᠠᠯᠠᠪᠤᠷ ᠠᠴᠠ ᠬᠤᠯᠠ ᠪᠠᠶᠢᠯᠭᠠᠬᠤ ᠬᠡᠷᠡᠭᠲᠡᠶ᠃ | ⒉ ᠪᠤᠯᠠᠬᠤ ᠨᠦᠬᠡ ᠶᠢᠨ ᠪᠠᠭᠲᠠᠭᠠᠮᠵᠢ ᠶᠢ ᠠᠮᠢᠲᠠᠨ ᠤ ᠦᠬᠦᠳᠡᠯ ᠵᠢᠴᠢ ᠲᠤᠭ᠎ᠠ ᠬᠡᠮᠵᠢᠶ᠎ᠡ ᠶᠢ | ᠦᠨᠳᠦᠰᠦᠯᠡᠨ ᠮᠠᠯᠳᠠᠨ᠎ᠠ᠃ ᠨᠦᠬᠡᠨ ᠤ ᠢᠷᠣᠭᠠᠷ ᠤᠨ ᠬᠡᠰᠡᠭ ᠢ ᠭᠠᠵᠠᠷ ᠳᠣᠣᠷᠠᠬᠢ ᠤᠰᠤᠨ ᠲᠦᠪᠰᠢᠨ ᠠᠴᠠ 1. | 5m ᠠᠴᠠ ᠳᠡᠭᠡᠭᠰᠢ ᠪᠠᠶᠢᠯᠭᠠᠵᠤ᠂ ᠳᠤᠷᠤᠭᠰᠢ ᠨᠡᠪᠴᠢᠬᠦ ᠶᠢ ᠰᠠᠶᠢᠳᠤᠷ ᠰᠡᠷᠭᠡᠶᠢᠯᠡᠬᠦ ᠬᠡᠷᠡᠭᠲᠡᠶ᠃ | ⒊ᠨᠦᠬᠡᠨ ᠤ ᠢᠷᠣᠭᠠᠷ ᠲᠤ 2 ~ 5cm ᠵᠤᠵᠠᠭᠠᠨ ᠲᠦᠭᠦᠬᠡᠶ ᠴᠣᠬᠤᠢ ᠪᠤᠶᠤ ᠴᠠᠶᠢᠷᠠᠭᠤᠯᠬᠤ | ᠨᠤᠨᠲᠠᠭ ᠵᠡᠷᠭᠡ ᠠᠷᠢᠭᠤᠳᠬᠠᠬᠤ ᠡᠮ ᠰᠠᠴᠤᠵᠤ᠂ ᠪᠤᠯᠠᠵᠤ ᠳᠠᠷᠤᠬᠤ ᠰᠢᠷᠦᠢ ᠶᠢᠨ ᠬᠦᠨ ᠨᠢ 1.2 ᠮᠧᠲᠷ ᠠᠴᠠ | ᠪᠠᠭ᠎ᠠ ᠪᠠᠶᠢᠵᠤ ᠪᠣᠯᠬᠤ ᠥᠬᠡᠶ᠃ | ⒋ᠬᠡᠳᠦ ᠨᠢᠭᠳᠠ ᠳᠠᠷᠤᠵᠤ ᠪᠤᠯᠠᠵᠤ ᠪᠤᠯᠬᠤ ᠦᠬᠡᠢ᠂ ᠢᠯᠵᠢᠷᠡᠬᠦ ᠠᠴᠠ ᠪᠤᠯᠵᠤ ᠬᠡᠢ ᠪᠡᠶᠡᠳᠦ ᠡᠬᠦᠰᠬᠦ | ᠪᠠ ᠰᠢᠩᠭᠡᠨ ᠪᠡᠶᠡᠲᠦ ᠨᠡᠪᠴᠢᠬᠦ ᠠᠴᠠ ᠰᠡᠷᠭᠡᠶᠢᠯᠡᠨ᠎ᠡ᠃ ᠪᠤᠯᠠᠭᠰᠠᠨ ᠭᠠᠵᠠᠷ ᠲᠤ ᠫᠠᠶᠢᠰᠠ ᠲᠡᠮᠳᠡᠭ ᠳᠠᠯᠪᠢᠵᠦ᠂ | ᠲᠣᠭᠲᠠᠮᠠᠯ ᠬᠤᠭᠤᠴᠠᠭ᠎ᠠ ᠲᠠᠢ ᠪᠠᠷ ᠲᠣᠭᠤᠷᠢᠨ ᠪᠠᠶᠢᠴᠠᠭᠠᠵᠤ᠂ ᠬᠡᠷᠪᠡ ᠴᠦᠮᠦᠷᠡᠵᠤ ᠬᠤᠳᠤᠶᠢᠭᠰᠠᠨ ᠪᠠᠶᠢᠪᠠᠯ ᠴᠠᠭ | ᠲᠤᠬᠠᠶ ᠳᠤᠨᠢ ᠰᠢᠷᠦᠢ ᠨᠡᠮᠡᠵᠦ ᠰᠡᠯᠪᠢᠬᠦ ᠬᠡᠷᠡᠭᠳᠡᠢ᠃ | ᠬᠤᠶᠠᠷ᠂ ᠰᠢᠲᠠᠭᠠᠬᠤ ᠠᠷᠭ᠎ᠠ | ⒈ᠭᠠᠵᠠᠷ ᠰᠣᠩᠭᠤᠬᠤ ᠳᠠᠭᠠᠨ ᠭᠡᠷ ᠤᠷᠤᠨ᠂ ᠨᠣᠴᠣᠮᠠᠲᠠᠭᠠᠢ ᠪᠣᠳᠠᠰ᠂ ᠴᠠᠬᠢᠯᠭᠠᠨ ᠤᠳᠠᠰᠤ ᠵᠡᠷᠭᠡ | ᠠᠴᠠ ᠬᠤᠯᠠ ᠪᠠᠶᠢᠬᠤ ᠬᠡᠷᠡᠭᠲᠡᠢ᠂ ᠡᠷᠭᠢᠨ ᠲᠣᠭᠤᠷᠢᠨ ᠳᠤ ᠭᠠᠯ ᠤᠨ ᠠᠶᠤᠯ ᠡᠬᠦᠰᠬᠦ ᠦᠬᠡᠢ ᠪᠠᠶᠢᠬᠤ ᠶᠢ ᠬᠦᠢᠴᠡᠳ | ᠪᠠᠳᠤᠯᠠᠵᠤ᠂ ᠰᠠᠯᠬᠢᠨ ᠤ ᠳᠣᠣᠷ᠎ᠠ ᠲᠠᠯ᠎ᠠ ᠳᠤ ᠪᠠᠶᠢᠷᠢᠯᠠᠭᠤᠯᠬᠤ ᠬᠡᠷᠡᠭᠳᠡᠢ᠃ | ⒉ᠴᠠᠶᠢᠶ᠋ᠢᠦ ᠲᠤᠰᠤ ᠪᠠᠨ ᠮᠣᠳᠣᠨ ᠲᠦᠯᠡᠭᠡ ᠪᠠ ᠦᠬᠦᠳᠡᠯ (ᠴᠢᠶ᠋ᠢᠦ ᠲᠤᠰᠤ ᠬᠡᠷᠡᠭᠯᠡᠵᠦ ᠪᠣᠯᠬᠤ | ᠦᠭᠡᠢ) ᠳᠡᠭᠡᠷ᠎ᠡ ᠬᠦᠢᠴᠡᠳ ᠴᠢᠳᠬᠤᠵᠤ᠂ ᠮᠣᠳᠣᠨ ᠰᠢᠳᠠᠮ᠂ ᠪᠦᠰ ᠵᠡᠷᠭᠡ ᠪᠤᠳᠠᠰ ᠢᠶᠠᠷ ᠡᠭᠦᠰᠬᠡᠨ ᠨᠣᠴᠣᠭᠠᠨ᠎ᠠ᠃ | ᠮᠠᠯ ᠤᠨ ᠬᠡᠭᠦᠷ ᠦᠬᠦᠳᠡᠯ ᠢ ᠰᠢᠲᠠᠭᠠᠵᠤ ᠪᠠᠷᠠᠭᠰᠠᠨ ᠤ ᠲᠠᠷᠠᠭ᠎ᠠ ᠦᠨᠡᠰᠦ ᠶᠢ ᠨᠢ ᠰᠠᠶᠢᠳᠤᠷ ᠪᠤᠯᠠᠵᠤ᠂ ᠭᠠᠳᠠᠷᠭᠤ | ᠳᠡᠭᠡᠷ᠎ᠡ ᠨᠢ ᠲᠦᠭᠦᠬᠡᠶ ᠴᠤᠬᠤᠢ ᠪᠤᠶᠤ ᠴᠠᠶᠢᠷᠠᠭᠤᠯᠬᠤ ᠨᠤᠨᠲᠠᠭ ᠰᠠᠴᠤᠵᠤ᠂ ᠫᠠᠶᠢᠰᠠ ᠳᠡᠮᠳᠡᠭ ᠪᠤᠰᠬᠠᠵᠤ᠂ | ᠲᠣᠭᠲᠠᠮᠠᠯ ᠬᠤᠭᠤᠴᠠᠭ᠎ᠠ ᠲᠠᠢ ᠪᠠᠷ ᠪᠠᠶᠢᠴᠠᠭᠠᠨ ᠦᠵᠡᠬᠦ ᠬᠡᠷᠡᠭᠲᠡᠶ᠃ | ᠠᠩᠬᠠᠷᠬᠤ ᠵᠤᠶᠢᠯᠡᠰ᠄ ᠪᠤᠬᠢᠷᠳᠤᠯ ᠦᠬᠡᠢ ᠰᠢᠶᠳᠪᠦᠷᠢᠯᠡᠬᠦ ᠶᠠᠪᠤᠴᠠ ᠳᠤ ᠬᠠᠮᠠᠭᠠᠯᠠᠬᠤ ᠬᠤᠪᠴᠠᠰᠤ᠂ | ᠠᠮᠠᠪᠴᠢ᠂ ᠨᠢᠳᠦ ᠬᠠᠮᠠᠭᠠᠯᠠᠬᠤ ᠰᠢᠯ᠂ ᠭᠤᠮ ᠱᠠᠬᠠᠶ ᠵᠢᠴᠢ ᠪᠡᠭᠡᠯᠡᠶ ᠵᠡᠷᠭᠡ ᠬᠠᠮᠠᠭᠠᠯᠠᠬᠤ ᠬᠡᠷᠡᠭᠰᠡᠯ ᠢ ᠡᠮᠦᠰᠴᠦ | ᠵᠡᠬᠦᠪᠡᠯ ᠵᠤᠬᠢᠨ᠎ᠠ᠃ ᠨᠢᠭᠡ ᠯᠡ ᠤᠳᠠᠭ᠎ᠠ ᠶᠢᠨ ᠴᠢᠨᠠᠷᠲᠠᠶ ᠬᠠᠮᠠᠭᠠᠯᠠᠯᠲᠠ ᠶᠢᠨ ᠬᠡᠷᠡᠭᠰᠡᠯ ᠢ ᠴᠠᠭ ᠳᠤᠬᠠᠢ ᠳᠤ ᠨᠢ | ᠰᠢᠢᠳᠪᠤᠷᠢᠯᠡᠵᠦ᠂ ᠡᠷᠭᠢᠯᠳᠦᠭᠦᠯᠦᠨ ᠬᠡᠷᠡᠭᠯᠡᠬᠦ ᠬᠠᠮᠠᠭᠠᠯᠠᠯᠲᠠ ᠶᠢᠨ ᠬᠡᠷᠡᠭᠰᠡᠯ ᠢ ᠰᠠᠶᠢᠳᠤᠷ ᠠᠷᠢᠭᠤᠳᠬᠠᠯ ᠬᠢᠬᠦ | ᠬᠡᠷᠡᠭᠲᠡᠶ᠃ |