ᠬᠠᠪᠤᠷ ᠰᠠᠭᠠᠳᠠᠭᠰᠠᠨ ᠮᠠᠯᠴᠢᠨ ᠠᠶᠢᠯ ᠤᠨ ᠪᠠᠷ᠎ᠠ
ᠨᠡᠶᠢᠲᠡᠯᠡᠭᠰᠡᠨ ᠴᠠᠭ᠄
2020/4/24
        ᠪᠠᠶᠠᠠᠨᠠᠭᠤᠷ ᠪᠠᠯᠭᠠᠰᠥ ᠨᠢ 2015 ᠤᠨ ᠠᠴᠠ ᠡᠬᠢᠯᠡᠵᠤ ᠨᠠᠷᠠᠠᠪᠤᠯᠠᠭ᠂ ᠴᠠᠭᠠᠠᠨᠠᠭᠤᠷ᠂ ᠳᠠᠪᠰᠢᠯᠳᠣ᠂ ᠵᠢᠪᠬᠤᠯᠠᠩᠳᠣ᠂ ᠪᠠᠶᠠᠠᠰᠢᠯᠢ ᠵᠡᠷᠬᠡ ᠭᠠᠴᠠᠭᠠᠨ ᠤ 165 ᠡᠷᠥᠬᠡ ᠶᠢᠨ 581511 ᠲᠥᠮᠡᠨ ᠮᠤ᠋ ᠡᠯᠡᠰᠣᠷᠬᠡᠭ ᠭᠠᠵᠠᠷ ᠢ ᠪᠢᠳᠡᠬᠦᠮᠵᠢᠯᠡᠨ ᠬᠠᠭᠠᠰ ᠮᠠᠯᠵᠢᠬᠤ ᠬᠠᠭᠠᠰ ᠪᠢᠳᠡᠬᠦᠮᠵᠢᠯᠡᠬᠦ ᠲᠥᠷᠥ ᠶᠢᠨ ᠪᠤᠳᠣᠯᠭ᠎ᠠ ᠪᠠᠷ ᠠᠮᠢ ᠠᠬᠤᠢ ᠨᠤᠳᠤᠭ ᠪᠡᠯᠴᠢᠬᠡᠷ  ᠤᠨ ᠰᠡᠷᠬᠦᠯᠳᠠ ᠶᠢ ᠪᠠᠳᠣᠯᠠᠵᠣ ᠪᠠᠶᠢᠬᠤ ᠮᠥᠷᠳᠡᠬᠡᠨ ᠮᠠᠯᠴᠢᠳ ᠤᠨ ᠤᠷᠤᠯᠭ᠎ᠠ ᠶᠢᠨ ᠨᠡᠮᠡᠭᠳᠡᠯ ᠢ ᠠᠬᠢᠭᠤᠯᠵᠤ ᠪᠠᠶᠢᠳᠠᠭ᠃         ᠮᠠᠯᠴᠢᠨ ᠴᠠᠩ ᠴᠢᠩ ᠤᠨ ᠬᠢᠨ ᠲᠥᠷᠥ ᠶᠢᠨ ᠪᠤᠳᠣᠯᠭ᠎ᠠ ᠪᠠᠷ ᠲᠤᠯᠤᠭᠠᠨ ᠮᠢᠩᠭ᠎ᠠ ᠭᠠᠷᠤᠢ ᠨᠣᠳᠤᠭ ᠤᠨ ᠢᠶᠠᠨ ᠲᠥᠷᠪᠡᠨ ᠮᠢᠩᠭ᠎ᠠ ᠭᠠᠷᠤᠢ ᠶᠢ ᠨᠢ ᠪᠢᠳᠡᠬᠦᠮᠵᠢᠯᠡᠨ ᠰᠡᠷᠬᠦᠬᠡᠵᠤ ᠥᠯᠡᠳᠡᠬᠡᠭᠰᠡᠨ ᠭᠤᠷᠪᠠᠨ ᠮᠢᠩᠭ᠎ᠠ ᠭᠠᠷᠤᠢ ᠨᠤᠳᠤᠭ ᠳᠡᠬᠡᠷ᠎ᠡ  ᠪᠠᠨ ᠭᠤᠴᠢᠨ ᠬᠡᠳᠣᠨ ᠰᠢᠮᠧᠨ᠋ᠲᠷ ᠥᠬᠡᠷ᠂ ᠴᠥᠬᠡᠨ ᠳᠣᠭᠠᠨ ᠤ ᠬᠤᠨᠢ ᠮᠠᠯᠵᠢᠵᠤ᠂ ᠳᠡᠳᠡᠨ ᠤ ᠬᠢᠨᠢ ᠨᠠᠮᠤᠷ ᠲᠠᠭᠠᠨ ᠬᠠᠳᠣᠯᠠᠩ ᠤᠨ ᠳᠠᠯᠠᠪᠠᠢ ᠠᠴᠠ ᠪᠠᠨ ᠬᠠᠳᠣᠯᠠᠩ ᠪᠠᠨ ᠠᠪᠴᠥ᠂ ᠭᠠᠳᠠᠨ᠎ᠠ ᠠᠴᠠ ᠡᠪᠡᠰᠥ ᠬᠤᠳᠠᠯᠳᠣᠵᠣ ᠠᠪᠳᠠᠭ ᠥᠬᠡᠢ᠂ ᠢᠯᠡᠬᠦᠴᠡ ᠡᠪᠡᠰᠥ ᠪᠠᠨ ᠥᠢᠷ᠎ᠡ ᠬᠠᠪᠢ ᠶᠢᠨ ᠮᠠᠯᠴᠢᠳ ᠲᠤ ᠪᠠᠨ ᠬᠤᠳᠠᠯᠳᠣᠵᠣ᠂ ᠵᠤᠨ ᠨᠢ ᠨᠤᠳᠤᠭ ᠳᠡᠬᠡᠷ᠎ᠡ ᠪᠠᠨ ᠪᠤᠰᠣᠳ ᠤᠨ ᠥᠬᠡᠷ ᠢ ᠬᠠᠷᠢᠭᠤᠯᠵᠤ ᠮᠠᠯᠵᠢᠬᠤ ᠪᠤᠶᠤ ᠴᠠᠭᠠᠨ ᠢᠳᠡᠭᠡ ᠬᠢᠵᠤ ᠬᠤᠳᠠᠯᠳᠤᠨ ᠪᠠᠭ᠎ᠠ ᠪᠤᠰᠥ ᠤᠷᠤᠯᠭ᠎ᠠ ᠡᠬᠦᠳᠴᠥ ᠮᠠᠯ ᠠᠵᠤ ᠠᠬᠤᠢ ᠶᠢᠨ ᠤᠷᠤᠯᠭ᠎ᠠ ᠵᠠᠷᠤᠯᠭ᠎ᠠ ᠶᠢᠨ ᠳᠡᠩᠴᠡᠬᠦᠷᠢ ᠪᠠᠨ ᠪᠠᠳᠣᠯᠠᠵᠣ ᠪᠠᠶᠢᠳᠠᠭ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号