ᠰᠠᠭᠠᠯᠢ ᠰᠥ ᠶᠢᠨ ᠣᠨᠳᠣᠷᠤᠭ᠎ᠠ ᠲᠠᠢ ᠮᠠᠯᠴᠢᠨ ᠠᠶᠢᠯ
ᠨᠡᠶᠢᠲᠡᠯᠡᠭᠰᠡᠨ ᠴᠠᠭ᠄
2020/4/9
        ᠮᠠᠨ ᠤ ᠬᠤᠰᠢᠭᠤᠨ ᠤ ᠪᠠᠶᠠᠠᠨᠠᠭᠤᠷ ᠪᠠᠯᠭᠠᠰᠣᠨ ᠤ ᠴᠠᠶᠢᠳᠠᠮ ᠭᠠᠴᠠᠭᠠᠨ ᠤ ᠮᠠᠯᠴᠢᠨ ᠥᠷᠢᠨᠳᠣᠶᠠᠭ᠎ᠠ ᠪᠠᠶᠠᠰᠬᠤᠯᠠᠩ ᠬᠤᠶᠠᠷ ᠬᠥᠳᠡᠭᠡ ᠪᠠᠨ ᠮᠠᠯ ᠢᠶᠠᠨ ᠮᠠᠯᠵᠢᠬᠤ ᠶᠢᠨ ᠳᠠᠭᠠᠤ ᠮᠠᠯ ᠤᠨ ᠠᠰᠢᠭ ᠰᠢᠮ᠎ᠡ ᠶᠢᠨ ᠪᠥᠳᠥᠬᠡᠭᠳᠡᠬᠦᠨ ᠰᠥ ᠰᠠᠭᠠᠯᠢ ᠪᠠᠨ ᠪᠤᠷᠤᠯᠠᠭᠤᠯᠤᠨ ᠤᠷᠤᠯᠭ᠎ᠠ ᠡᠬᠦᠳᠴᠥ ᠶᠠᠪᠤᠭ᠎ᠠ ᠮᠠᠯᠴᠢᠨ ᠪᠤᠯᠤᠨ᠎ᠠ᠃ ᠳᠡᠳᠡᠨ ᠤ 6 ᠬᠥᠮᠥᠨ ᠠᠮᠠ ᠲᠠᠢ᠂ 4800 ᠭᠠᠷᠤᠢ ᠮᠤ᠋ ᠨᠤᠳᠤᠭ ᠪᠡᠯᠴᠢᠬᠡᠷ ᠳᠡᠬᠡᠷ᠎ᠡ ᠪᠠᠨ 50 ᠭᠠᠷᠤᠢ ᠥᠬᠡᠷ ᠮᠠᠯᠵᠢᠳᠠᠭ᠂ 2010 ᠤᠨ ᠠᠴᠠ ᠡᠬᠢᠯᠡᠨ ᠰᠥ ᠰᠠᠭᠠᠯᠢ ᠪᠤᠷᠤᠯᠠᠭᠤᠯᠤᠭᠠᠳ ᠨᠡᠯᠢᠶᠡᠳ ᠠᠰᠢᠭ ᠤᠯᠤᠭᠰᠠᠨ ᠪᠤᠯᠬᠤᠷ ᠰᠡᠬᠦᠯᠡᠷ ᠨᠢ 5 ᠰᠠᠭᠠᠯᠢ ᠶᠢᠨ ᠥᠨᠢᠶ᠎ᠡ ᠬᠤᠳᠠᠯᠳᠣᠨ ᠠᠪᠴᠥ᠂ ᠵᠠᠰᠠᠮᠠᠯ ᠵᠠᠮ ᠠᠴᠠ ᠥᠢᠷ᠎ᠡ ᠵᠡᠷᠬᠡ ᠨᠥᠬᠦᠴᠡᠯ ᠢᠶᠠᠨ ᠠᠰᠢᠭᠯᠠᠨ ︽ᠳᠣᠶᠠᠭ᠎ᠠ ᠴᠠᠭᠠᠨ ᠢᠳᠡᠭᠡ ᠪᠤᠯᠪᠠᠰᠣᠷᠠᠭᠤᠯᠬᠤ ᠳᠡᠯᠬᠡᠬᠦᠷ︾ ᠡᠷᠬᠢᠯᠡᠭᠰᠡᠨ ᠤ ᠬᠠᠮᠳᠣ ᠸᠢᠴᠠᠲ ᠵᠠᠭᠤᠴᠢᠯᠠᠭᠤᠷ ᠵᠡᠷᠬᠡ ᠪᠠᠷ ᠳᠠᠮᠵᠢᠨ ᠴᠠᠭᠠᠨ ᠢᠳᠡᠭᠡ ᠶᠢᠨ ᠪᠤᠷᠤᠯᠠᠭᠤᠯᠭ᠎ᠠ ᠪᠠᠨ ᠥᠷᠬᠡᠳᠬᠡᠭᠰᠡᠨ ᠠᠴᠠ ᠳᠡᠳᠡᠨᠡᠶᠢᠬᠡᠨ ᠤ ᠴᠠᠭᠠᠨ ᠢᠳᠡᠬᠡᠨ ᠤ ᠵᠢᠯ ᠤᠨ ᠤᠷᠤᠯᠭ᠎ᠠ ᠨᠢ 8 ᠲᠥᠮᠡᠨ ᠳᠥᠬᠦᠷᠢᠭ ᠲᠤ ᠬᠥᠷᠥᠭᠰᠡᠨ ᠪᠠᠶᠢᠨ᠎ᠠ᠃         ᠳᠡᠳᠡᠨ ᠤ ᠭᠤᠤᠯᠳᠠᠭᠤ ᠡᠬᠦᠯᠳᠡᠷ ᠤᠨ ᠥᠬᠡᠷ ᠮᠠᠯᠵᠢᠵᠤ᠂ ᠵᠢᠯ ᠤᠨ ᠮᠠᠯᠵᠢᠯ ᠤᠨ ᠤᠷᠤᠯᠭ᠎ᠠ ᠨᠢ 10 ᠭᠠᠷᠤᠢ ᠲᠥᠮᠡᠨ ᠲᠥᠬᠦᠷᠢᠭ ᠲᠤ ᠬᠥᠷᠳᠡᠭ ᠮᠥᠷᠳᠡᠬᠡᠨ 10 ᠭᠠᠷᠤᠢ ᠥᠨᠢᠶ᠎ᠡ ᠰᠠᠭᠠᠵᠤ᠂ ᠬᠤᠷᠤᠳ᠂ ᠰᠢᠷ᠎ᠡ ᠳᠣᠰᠥ᠂ ᠰᠠᠭᠠᠯᠢ  ᠶᠢᠨ ᠠᠷᠢᠬᠢ᠂ ᠥᠷᠥᠮ᠎ᠡ ᠵᠡᠷᠬᠡ ᠤᠯᠠᠮᠵᠢᠯᠠᠯᠳᠣ ᠴᠠᠭᠠᠨ ᠢᠳᠡᠭᠡ ᠪᠤᠯᠪᠠᠰᠣᠷᠠᠭᠤᠯᠵᠤ ᠪᠤᠷᠤᠯᠠᠭᠤᠯᠤᠨ ᠤᠷᠤᠯᠭ᠎ᠠ ᠪᠠᠨ ᠨᠡᠮᠡᠭᠳᠡᠬᠦᠯᠳᠡᠭ ᠢᠶᠠᠷ ᠬᠡᠷ ᠪᠥᠯᠢ ᠶᠢᠨ ᠵᠢᠯ ᠤᠨ ᠤᠷᠤᠯᠭ᠎ᠠ ᠨᠢ 20 ᠭᠠᠷᠤᠢ ᠲᠥᠮᠡᠨ ᠲᠥᠬᠦᠷᠢᠭ ᠲᠤ ᠬᠥᠷᠳᠡᠭ ᠪᠠᠶᠢᠨ᠎ᠠ᠃ ᠳᠠᠳᠡᠨᠡᠶᠢᠬᠡᠨ ᠥᠪᠡᠷ ᠤᠨ ᠬᠡᠰᠡᠨ ᠤᠨᠴᠠᠯᠢᠭ ᠲᠠᠢ ᠰᠥ ᠰᠠᠭᠠᠯᠢ ᠶᠢᠨ ᠪᠤᠷᠤᠯᠠᠭᠤᠯᠤᠯᠳᠠ ᠪᠠᠷ ᠢᠶᠠᠨ ᠤᠯᠠᠨ ᠳᠤ ᠳᠠᠨᠢᠭᠳᠠᠵᠤ᠂ ᠰᠢᠨ᠎ᠡ ᠴᠠᠭ ᠥᠶ᠎ᠡ ᠶᠢᠨ ᠠᠮᠢᠳᠣᠷᠠᠯ ᠤᠨ ᠠᠶᠢᠵᠠᠮ ᠳᠤ ᠵᠤᠬᠢᠴᠠᠭᠤᠯᠤᠨ᠂ ᠰᠢᠨᠵᠢᠯᠡᠬᠦ ᠤᠬᠠᠭᠠᠨᠴᠢ ᠪᠠᠷ ᠮᠠᠯᠵᠢᠬᠤ ᠥᠢᠯᠡᠳᠪᠤᠷᠢᠯᠡᠯ ᠢᠶᠠᠨ ᠡᠵᠡᠩᠨᠡᠵᠤ᠂ ᠠᠵᠢᠯᠴᠢ ᠪᠤᠷᠤᠭᠵᠢᠭᠤᠨ᠂ ᠠᠷᠢᠭᠤᠨ ᠬᠥᠳᠡᠯᠮᠤᠷᠢ ᠪᠠᠷ ᠢᠶᠠᠨ ᠥᠬᠡᠳᠡᠯᠡᠵᠤ ᠶᠠᠪᠤᠨ᠎ᠠ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠸᠢᠴᠠᠲ ᠳᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号