ᠡᠷᠳᠡᠨᠢᠴᠢᠯᠠᠭᠤ ᠪᠤᠯ ᠪᠠᠶᠠᠨᠨᠠᠭᠤᠷ ᠪᠠᠯᠭᠠᠰᠥᠨ ᠤ ᠪᠠᠶᠠᠠᠴᠠᠩᠲᠤ ᠭᠠᠴᠠᠭᠠᠨ ᠤ ᠮᠠᠯᠴᠢᠨ ᠪᠠᠶᠢᠵᠤ᠂ ᠬᠠᠷᠠᠬᠠᠨ ᠪᠠᠭ᠎ᠠ | ᠠᠴᠠ ᠪᠠᠨ ᠮᠤᠩᠭᠤᠯ ᠪᠥᠬᠡ ᠳᠤ ᠳᠣᠷ᠎ᠠ ᠪᠠᠬ᠎ᠠ ᠲᠠᠢ ᠪᠠᠶᠢᠵᠤ ᠵᠠᠯᠠᠭᠤ ᠨᠠᠰᠤᠨ ᠳᠠᠭᠠᠨ ᠨᠠᠶᠢᠷ ᠨᠠᠭᠠᠳᠣᠮ ᠳᠤ ᠪᠠᠷᠢᠯᠳᠣᠵᠣ | ᠢᠷᠡᠭᠰᠡᠨ ᠶᠤᠮ᠃ | ᠲᠡᠷᠡ ᠪᠥᠬᠡ ᠳᠤ ᠪᠠᠬ᠎ᠠ ᠲᠠᠢ ᠤᠴᠢᠷ ᠠᠴᠠ ᠪᠥᠬᠡ ᠶᠢᠨ ᠡᠮᠣᠰᠬᠡᠯ ᠵᠠᠰᠠᠯ ᠢ ᠶᠡᠭᠡ ᠠᠩᠬᠠᠷᠴᠥ ᠮᠤᠩᠭᠤᠯ ᠪᠥᠬᠡ | ᠶᠢᠨ ᠥᠢᠯᠡᠰ ᠲᠤ ᠥᠴᠥᠬᠡᠨ ᠴᠦ ᠬᠡᠰᠡᠨ ᠬᠤᠪᠢ ᠨᠡᠮᠡᠷᠢ ᠥᠵᠡᠬᠦᠯᠥᠶᠡ ᠬᠡᠰᠡᠨ ᠮᠠᠯᠴᠢᠨ ᠬᠥᠮᠥᠨ ᠤ ᠰᠢᠭᠤᠷᠬᠠᠢ ᠪᠤᠳᠤᠯ | ᠢᠶᠠᠷ ᠬᠤᠶᠠᠷ ᠮᠢᠩᠭᠠᠨ ᠤᠨ ᠤ ᠥᠶ᠎ᠡ ᠠᠴᠠ ᠮᠤᠩᠭᠤᠯ ᠪᠥᠬᠡ ᠶᠢᠨ ᠵᠤᠳᠤᠭ᠂ ᠳᠣᠬᠤ᠂ ᠪᠠᠩᠵᠠᠯ ᠵᠡᠷᠬᠡ ᠶᠢ ᠡᠬᠢᠯᠡᠵᠤ | ᠤᠶᠤᠭᠰᠠᠨ ᠶᠤᠮ᠃ | ᠡᠬᠢᠯᠡᠵᠤ ᠤᠶᠤᠬᠤ ᠥᠶ᠎ᠡ ᠳᠤ ᠡᠰᠬᠡᠬᠦ ᠠᠴᠠ ᠡᠬᠢᠯᠡᠨ ᠵᠡᠬᠦᠥ ᠰᠢᠪᠦᠭᠡ ᠶᠢ ᠨᠢ ᠲᠤᠬᠢᠷᠠᠭᠤᠯᠬᠤ᠂ ᠨᠥᠬᠡᠯᠡᠬᠦ | ᠬᠡᠳ ᠤᠯᠠᠨ ᠠᠷᠪᠢᠨ ᠲᠥᠪᠡᠭ ᠲᠠᠢ ᠶᠠᠪᠤᠳᠠᠯ ᠲᠤᠬᠢᠶᠠᠯᠳᠣᠵᠣ ᠪᠠᠶᠢᠭᠰᠠᠨ ᠴᠦ ᠲᠡᠷᠡ ᠵᠤᠷᠢᠭ ᠮᠤᠬᠤᠷᠠᠯ ᠥᠬᠡᠢ ᠤᠷᠤᠯᠳᠣᠨ | ᠪᠠᠶᠢᠵᠤ ᠠᠩᠬᠠᠨ ᠤ ᠵᠤᠳᠤᠭ ᠢᠶᠠᠨ ᠬᠠᠭᠠᠰ ᠰᠠᠷ᠎ᠠ ᠶᠢᠨ ᠬᠤᠭᠤᠴᠠᠭ᠎ᠠ ᠵᠠᠷᠤᠴᠠᠭᠤᠯᠵᠤ ᠪᠠᠶᠢᠭᠠᠳ ᠬᠢᠵᠤ ᠭᠠᠷᠭᠠᠭᠰᠠᠨ | ᠪᠠᠶᠢᠨ᠎ᠠ᠃ ᠳᠡᠬᠦᠨ ᠠᠴᠠ ᠬᠤᠶᠢᠰᠢ ᠳᠡᠷᠡ ᠥᠢᠷ᠎ᠡ ᠬᠠᠪᠢ ᠶᠢᠨ ᠨᠤᠳᠤᠭ ᠤᠰᠤᠨ ᠤ ᠪᠠᠨ ᠪᠥᠬᠡᠴᠥᠳ ᠤᠨ ᠵᠠᠬᠢᠶᠠᠯᠠᠭ᠎ᠠ | ᠪᠠᠷ ᠲᠣᠪᠤᠷᠤᠤ ᠲᠠᠢ ᠵᠤᠳᠤᠭ ᠳᠣᠪᠤᠷᠤᠤ ᠥᠬᠡᠢ ᠵᠤᠳᠤᠭ᠂ ᠨᠠᠶᠢᠷ ᠨᠠᠭᠠᠳᠣᠮ ᠤᠨ ᠱᠠᠩ ᠤᠨ ᠵᠤᠳᠤᠭ᠂ ᠬᠡᠤᠬᠡᠳ ᠤᠨ | ᠵᠤᠳᠤᠭ ᠵᠡᠷᠬᠡ ᠤᠯᠠᠨ ᠠᠷᠪᠢᠨ ᠪᠥᠬᠡ ᠶᠢᠨ ᠡᠮᠤᠰᠬᠡᠯ ᠵᠠᠰᠠᠯ ᠢ ᠤᠶᠤᠬᠤ ᠶᠢᠨ ᠳᠠᠭᠠᠤ ᠵᠤᠳᠤᠭ ᠵᠠᠰᠠᠵᠤ ᠴᠢᠮᠡᠬᠦ ᠠᠵᠢᠯ ᠢ | ᠪᠠᠭ᠎ᠠ ᠪᠤᠰᠥ ᠬᠢᠵᠤ᠂ ᠳᠣᠷᠰᠢᠯᠭ᠎ᠠ ᠰᠣᠷᠭᠠᠮᠵᠢ ᠬᠤᠷᠠᠮᠳᠠᠭᠤᠯᠵᠤ᠂ ᠤᠳᠤ ᠪᠤᠯᠬᠤ ᠳᠤ ᠨᠢᠬᠡ ᠵᠤᠳᠤᠭ ᠢ ᠭᠤᠷᠪᠠ ᠠᠴᠠ | ᠲᠥᠷᠪᠡᠨ ᠡᠳᠣᠷ ᠤᠨ ᠳᠣᠳᠣᠷ᠎ᠠ ᠤᠶᠤᠵᠤ ᠨᠠᠶᠢᠳᠠ 30 ᠭᠠᠷᠤᠢ ᠵᠤᠳᠤᠭ ᠤᠶᠤᠭᠰᠠᠨ ᠪᠠᠶᠢᠨ᠎ᠠ᠃ | ᠲᠡᠷᠡ ᠠᠵᠢᠯ ᠤᠨ ᠴᠢᠯᠥᠬᠡ ᠵᠠᠪ ᠢᠶᠠᠷ ᠢᠶᠠᠨ ᠪᠥᠬᠡ ᠶᠢᠨ ᠡᠳ᠋ᠯᠡᠯ ᠬᠡᠷᠡᠭᠯᠡᠯ ᠬᠢᠬᠦ ᠶᠢᠨ ᠬᠠᠮᠳᠣ ᠮᠤᠷᠢᠨ ᠤ ᠡᠳ᠋ᠯᠡᠯ | ᠬᠡᠷᠡᠭᠰᠡᠯ ᠬᠢᠬᠦ ᠪᠠ ᠨᠠᠶᠢᠷ ᠨᠠᠭᠠᠳᠤᠮ ᠳᠤ ᠤᠷᠳᠣ ᠶᠢᠨ ᠳᠠᠭᠤᠤ ᠳᠠᠭᠤᠯᠠᠬᠤ᠂ ᠰᠢᠯᠥᠭᠯᠡᠵᠤ ᠤᠶᠠᠩᠭᠠᠯᠠᠬᠤ᠂ ᠢᠷᠥᠬᠡᠯ | ᠮᠠᠭᠳᠠᠭᠠᠯ᠂ ᠬᠤᠷᠢᠮ ᠨᠠᠶᠢᠷ ᠤᠨ ᠬᠥᠳᠥᠯᠥᠭᠴᠢ ᠵᠡᠷᠬᠡ ᠠᠵᠢᠯ ᠢ ᠴᠦ ᠤᠯᠠᠨ ᠠᠷᠪᠢᠨ ᠵᠢᠯ ᠬᠢᠵᠤ ᠢᠷᠡᠭᠰᠡᠨ ᠶᠤᠮ᠃ | ᠡᠷᠳᠡᠨᠢᠴᠢᠯᠠᠭᠤ ᠬᠡᠳᠣᠶᠢᠪᠡᠷ ᠮᠠᠯᠴᠢᠨ ᠪᠤᠯᠪᠠᠴᠥ ᠠᠵᠢᠯ ᠶᠠᠪᠤᠳᠠᠯ ᠢᠶᠠᠨ ᠠᠯᠢᠨ ᠢ ᠨᠢ ᠴᠦ ᠰᠠᠭᠠᠳᠠᠭᠠᠭᠰᠠᠨ | ᠥᠬᠡᠢ ᠪᠠᠷ ︽ᠵᠥᠬᠡᠷ ᠰᠠᠭᠤᠬᠤ ᠪᠠᠷ ᠵᠥᠯᠬᠦᠵᠤ ᠰᠠᠭᠤᠬᠤ︾ ᠬᠡᠳᠡᠭ ᠢᠶᠠᠷ ᠥᠪᠡᠷ ᠤᠨ ᠤᠷ᠎ᠡ ᠤᠬᠠᠭᠠᠨ ᠤᠷᠠᠨ | ᠴᠢᠳᠠᠪᠤᠷᠢ ᠪᠠᠷ ᠢᠶᠠᠨ ᠠᠵᠤ ᠠᠮᠢᠳᠤᠷᠠᠯ ᠳᠤ ᠪᠠᠨ ᠪᠠᠭ᠎ᠠ ᠪᠤᠰᠥ ᠮᠠᠯᠵᠢᠯ ᠤᠨ ᠪᠤᠰᠥ ᠤᠷᠤᠯᠭ᠎ᠠ ᠡᠬᠦᠳᠴᠥ᠂ ᠥᠨᠳᠣᠰᠣᠳᠡᠨ | ᠤ ᠤᠯᠠᠮᠵᠢᠯᠠᠯᠳᠣ ᠰᠤᠶᠤᠯ ᠢᠶᠠᠨ ᠬᠠᠶᠢᠷᠠᠯᠠᠨ ᠬᠠᠮᠠᠭᠠᠯᠠᠵᠤ ᠬᠥᠭᠵᠢᠬᠦᠯᠬᠦ ᠳᠤ ᠥᠪᠡᠷ ᠤᠨ ᠬᠤᠪᠢ ᠨᠡᠮᠡᠷᠢ ᠪᠠᠨ ᠡᠷᠬᠦᠭᠰᠡᠨ | ᠶᠤᠮ᠃ |