ᠪᠤᠯᠠᠭ ᠲᠠᠬᠢᠬᠤ
ᠨᠡᠶᠢᠲᠡᠯᠡᠭᠰᠡᠨ ᠴᠠᠭ᠄
2020/6/17
         ᠪᠤᠯᠠᠭ ᠤᠰᠤ ᠲᠠᠬᠢᠬᠤ ᠨᠢ ᠮᠦᠨ ᠶᠡᠭᠡ ᠡᠷᠲᠡᠨ ᠠᠴᠠ ᠤᠯᠠᠮᠵᠢᠯᠠᠯ ᠲᠠᠢ ᠪᠠᠶᠢᠭᠠᠯᠢᠯᠢᠭ ᠰᠢᠲᠦᠭᠡᠨ ᠮᠦᠨ ᠃ ᠪᠤᠯᠠᠭ ᠲᠠᠬᠢᠬᠤ ᠨᠢ ᠬᠠᠳᠠ ᠴᠢᠯᠠᠭᠤ ᠲᠠᠬᠢᠬᠤ ᠲᠠᠢ ᠠᠳᠠᠯᠢ ᠵᠠᠩ ᠵᠢᠷᠤᠮ ᠢᠶᠠᠷ ᠶᠠᠪᠤᠭᠳᠠᠨ᠎ᠠ᠃ᠵᠤᠨ ᠤ ᠤᠯᠠᠷᠢᠯ ᠤᠨ ᠠᠯᠢ ᠨᠢᠭᠡᠨ ᠲᠤᠭᠲᠠᠭᠰᠠᠨ ᠡᠳᠦᠷ ᠪᠤᠯᠠᠭ ᠲᠠᠬᠢᠳᠠᠭ ᠠᠶᠢᠯ ᠨᠢ ᠪᠤᠯᠠᠭ ᠤᠰᠤ ᠪᠠᠨ ᠲᠠᠬᠢᠬᠤ ᠳᠤ ᠤᠶᠢᠷ᠎ᠠ ᠣᠷᠴᠢᠮ ᠤᠨ ᠬᠦᠮᠦᠰ ᠰᠠᠶᠢᠨ ᠳᠤᠷ᠎ᠠ ᠠᠴᠠ ᠪᠠᠨ ᠢᠷᠡᠵᠦ ᠤᠷᠤᠯᠴᠠᠳᠠᠭ᠃ᠲᠠᠬᠢᠳᠠᠭ ᠪᠤᠯᠠᠭ ᠤᠨ ᠢᠶᠠᠨ ᠤᠷᠤᠰᠬᠠᠯ ᠤᠨ ᠡᠬᠢᠨ ᠳᠡᠭᠡᠷ᠎ᠡ ᠵᠢᠵᠢᠭᠬᠡᠨ ᠴᠢᠯᠠᠭᠤᠨ ᠣᠪᠣᠭ᠎ᠠ ᠪᠤᠰᠬᠠᠵᠤ ᠪᠤᠷᠭᠠᠰᠤ ᠮᠣᠳᠤ ᠪᠠᠷ ᠴᠢᠮᠡᠵᠦ᠂ ᠡᠮᠦᠨ᠎ᠡ ᠨᠢ ᠢᠳᠡᠭᠡ ᠰᠢᠭᠦᠰᠦ ᠦᠷᠦᠵᠦ ᠴᠢᠯᠠᠭᠤᠨ ᠶᠠᠨᠳᠠᠷ ᠵᠤᠬᠢᠶᠠᠵᠤ ᠵᠠᠰᠠᠳᠠᠭ ᠪᠠᠶᠢᠵᠠᠢ᠃ ᠰᠦᠮ᠎ᠡ ᠬᠤᠷᠠᠯ ᠪᠣᠯ ᠲᠠᠬᠢᠳᠠᠭ ᠪᠤᠯᠠᠭ ᠲᠠᠭᠠᠨ ᠰᠠᠩ ᠲᠠᠯᠪᠢᠵᠤ ᠢᠳᠡᠭᠡ ᠰᠢᠭᠦᠰᠦ ᠡᠷᠭᠦᠵᠦ ᠨᠣᠮ ᠣᠩᠰᠢᠵᠤ ᠦᠩᠭᠡᠷᠡᠳᠡᠭ᠃ ᠣᠪᠣᠭᠠᠨ ᠤ ᠲᠠᠬᠢᠯᠭ᠎ᠠ ᠰᠢᠭ᠋ ᠶᠡᠭᠡ ᠪᠠᠷ ᠬᠢᠵᠦ ᠮᠣᠷᠢ ᠤᠷᠤᠯᠳᠤᠭᠤᠯᠤᠨ ᠪᠦᠬᠡ ᠪᠠᠷᠢᠯᠳᠤᠵᠤ ᠨᠠᠶᠢᠷ ᠬᠢᠳᠡᠭ ᠦᠭᠡᠢ᠂ ᠤᠴᠢᠷ ᠨᠢ ᠣᠪᠣᠭ᠎ᠠ ᠲᠠᠬᠢᠬᠤ ᠡᠳᠦᠷ ᠢᠶᠠᠨ ᠪᠤᠯᠠᠭ ᠤᠰᠤ ᠪᠠᠨ ᠲᠠᠬᠢᠳᠠᠭ ᠪᠣᠯᠬᠤᠷ ᠣᠪᠣᠭᠠᠨ ᠳᠡᠭᠡᠷ᠎ᠡ ᠪᠠᠨ ᠨᠠᠶᠢᠷ ᠢᠶᠠᠨ ᠣᠷᠤᠯᠠᠨ ᠬᠢᠵᠦ ᠪᠠᠶᠢᠭ᠎ᠠ ᠤᠴᠢᠷᠲᠠᠢ᠃ᠠᠶᠢᠯ ᠤᠳ ᠦᠪᠡᠷ ᠤᠨ ᠲᠠᠬᠢᠳᠠᠭ ᠪᠤᠯᠠᠭ ᠤᠰᠤ ᠪᠠᠨ ᠲᠠᠬᠢᠬᠤ ᠳᠠᠭᠠᠨ ᠮᠦᠨ ᠤᠷᠢᠳᠤ ᠡᠳᠦᠷ ᠨᠢ ᠣᠴᠢᠵᠤ ᠪᠤᠯᠠᠭ ᠤᠨ ᠵᠢᠵᠢᠭ ᠣᠪᠤᠭ᠎ᠠ ᠪᠠᠨ ᠵᠠᠰᠠᠵᠤ ᠰᠠᠩ ᠤᠭᠤᠭᠢᠭᠤᠯᠤᠨ ᠪᠢᠴᠢᠬᠠᠨ ᠭᠠᠨᠵᠢᠷ᠎ᠠ ᠮᠣᠳᠤᠨ ᠳᠤᠨᠢ ᠬᠠᠳᠠᠭ ᠰᠠᠮᠪᠠᠢ ᠡᠯᠭᠦᠨ ᠶᠡᠭᠡ ᠰᠠᠶᠢᠬᠠᠨ ᠵᠠᠰᠠᠵᠤ ᠴᠢᠮᠡᠵᠦ ᠮᠠᠷᠭᠠᠰᠢ ᠶᠢᠨ ᠲᠠᠬᠢᠯᠭ᠎ᠠ ᠶᠢᠨ ᠪᠡᠯᠡᠳᠭᠡᠯ ᠢᠶᠠᠨ ᠬᠢᠳᠡᠭ᠃ ᠲᠠᠬᠢᠬᠤ ᠥᠷᠯᠦᠭᠡ ᠨᠢ ᠤᠶᠢᠷ᠎ᠠ ᠤᠷᠴᠢᠮ ᠤᠨ ᠠᠶᠢᠯ ᠤᠰᠤᠨ ᠤ ᠬᠢᠨᠢ ᠢᠷᠡᠵᠦ ᠪᠤᠯᠠᠭ ᠲᠠᠬᠢᠬᠤ ᠳᠤ ᠤᠷᠤᠯᠴᠠᠨ᠎ᠠ᠃          ᠪᠤᠯᠠᠭ ᠲᠠᠬᠢᠵᠤ ᠪᠠᠶᠢᠭ᠎ᠠ ᠠᠶᠢᠯ ᠪᠤᠯᠠᠭ ᠤᠨ ᠤᠨᠳᠤᠷᠤᠯᠭ᠎ᠠ ᠡᠬᠢᠨ ᠳᠤᠨᠢ ᠰᠠᠶᠢᠬᠠᠨ ᠵᠠᠰᠠᠭᠰᠠᠨ ᠢᠳᠡᠭᠡ ᠲᠠᠯᠪᠢᠨ᠎ᠠ᠃ ᠪᠤᠯᠠᠭ ᠤᠨ ᠳᠡᠷᠭᠡᠳᠡ ᠰᠢᠭᠦᠰᠦ ᠢᠳᠡᠭᠡ᠂ ᠴᠠᠭᠠᠨ ᠢᠳᠡᠭᠡ ᠪᠠᠨ ᠦᠷᠦᠵᠦ᠂ ᠰᠠᠩ ᠬᠦᠵᠢ ᠰᠢᠲᠠᠭᠠᠨ᠂ ᠰᠦᠨ ᠰᠠᠴᠤᠯᠢ ᠡᠷᠭᠦᠵᠦ᠂ ᠠᠷᠢᠬᠢ ᠴᠠᠭᠠᠨ ᠢᠳᠡᠭᠡ ᠲᠡᠷᠢᠭᠦᠲᠡᠨ ᠢ ᠰᠦᠰᠦᠭᠯᠡᠨ ᠳᠡᠭᠡᠳᠦᠯᠡᠵᠦ ᠪᠤᠯᠠᠭ ᠲᠠᠭᠠᠨ ᠨᠠᠮᠠᠨᠴᠢᠯᠠᠨ ᠮᠦᠷᠭᠦᠨ᠎ᠡ᠃ ᠣᠯᠠᠨ ᠢᠶᠠᠷ ᠢᠶᠠᠨ ᠪᠤᠯᠠᠭ ᠤᠨ ᠲᠤᠩᠭᠠᠯᠠᠭ ᠤᠰᠤᠨ ᠠᠴᠠ ᠷᠠᠰᠢᠶᠠᠨ ᠪᠤᠯᠭᠠᠵᠤ ᠤᠤᠭᠤᠬᠤ ᠪᠦᠭᠡᠳ ᠪᠤᠯᠠᠭ ᠤᠨ ᠢᠶᠠᠨ ᠤᠰᠤᠨ ᠠᠴᠠ ᠮᠠᠩᠨᠠᠢ ᠳᠠᠭᠠᠨ ᠲᠦᠷᠬᠢᠨ᠎ᠡ᠃ ᠪᠤᠯᠠᠭ ᠲᠠᠬᠢᠬᠤ ᠳᠤ ᠮᠣᠷᠢ ᠤᠷᠤᠯᠳᠤᠭᠤᠯᠬᠤ ᠦᠭᠡᠢ᠃ ᠵᠠᠷᠢᠮ ᠠᠶᠢᠯ ᠪᠣᠯᠠᠭ ᠲᠠᠬᠢᠬᠤ ᠳᠠᠭᠠᠨ ᠪᠦᠬᠡ ᠪᠠᠷᠢᠯᠳᠤᠭᠤᠯᠵᠤ ᠪᠠᠶᠢᠵᠠᠢ᠃ ᠪᠤᠯᠠᠭ ᠲᠠᠬᠢᠬᠤ ᠳᠤ ᠤᠷᠤᠯᠴᠠᠭᠰᠠᠨ ᠬᠦᠮᠦᠰ ᠤᠨ ᠢᠳᠡᠵᠦ ᠤᠤᠭᠤᠬᠤ ᠶᠢ ᠪᠤᠯᠠᠭ ᠲᠠᠬᠢᠵᠤ ᠪᠠᠶᠢᠭ᠎ᠠ ᠠᠶᠢᠯ ᠬᠠᠮᠢᠶᠠᠷᠴᠤ᠂ ᠲᠤᠰᠬᠠᠢ ᠮᠠᠶᠢᠬᠠᠨ ᠪᠤᠰᠬᠠᠵᠤ ᠴᠠᠪ ᠮᠠᠩᠵᠠ ᠣᠯᠠᠨ ᠳᠤ ᠲᠦᠭᠡᠭᠡᠨ ᠦᠭᠳᠡᠭ᠃ ᠵᠠᠷᠢᠮ ᠠᠶᠢᠯ ᠨᠢ ᠲᠤᠭᠲᠠᠭᠰᠠᠨ ᠡᠳᠦᠷ ᠲᠡᠭᠡᠨ ᠪᠤᠯᠠᠭ ᠢᠶᠠᠨ ᠲᠠᠬᠢᠵᠤ ᠰᠠᠩ ᠢᠳᠡᠭᠡ ᠲᠠᠯᠪᠢᠵᠤ ᠶᠡᠭᠡ ᠳᠦᠭᠦᠮᠬᠡᠨ ᠬᠢᠳᠡᠭ ᠴᠤ ᠪᠣᠢ᠃          ᠪᠤᠯᠠᠭ ᠲᠠᠬᠢᠬᠤ ᠳᠤ ᠤᠯᠠᠨ ᠴᠡᠭᠡᠷ ᠲᠠᠢ ᠪᠠᠶᠢᠳᠠᠭ᠃ ᠲᠠᠬᠢᠳᠠᠭ ᠪᠤᠯᠠᠭ ᠤᠨ ᠤᠰᠤᠨ ᠳᠤ ᠬᠥᠯ ᠭᠠᠷ ᠢᠶᠠᠨ ᠤᠬᠢᠶᠠᠵᠤ ᠪᠣᠯᠬᠤ ᠦᠭᠡᠢ᠃ ᠤᠨᠤᠭ᠎ᠠ ᠬᠦᠮᠦᠨ ᠤᠷᠤᠵᠤ ᠱᠠᠯᠢᠵᠤ ᠪᠤᠵᠠᠷᠳᠤᠭᠤᠯᠬᠤ ᠶᠢ ᠴᠡᠭᠡᠷᠯᠡᠨ᠎ᠡ᠃ ᠲᠠᠬᠢᠳᠠᠭ ᠪᠤᠯᠠᠭ ᠤᠨ ᠤᠰᠤᠨ ᠤ ᠵᠠᠬ᠎ᠠ ᠳᠤ ᠵᠡᠭᠡᠷ᠎ᠡ ᠬᠦᠷᠦᠭᠡᠰᠦ ᠳᠤ ᠬᠠᠪᠬ᠎ᠠ ᠬᠠᠵᠢ ᠪᠤᠯᠠᠵᠤ ᠠᠪᠠᠯᠠᠵᠤ ᠠᠩᠨᠠᠵᠤ ᠪᠣᠯᠬᠤ ᠦᠭᠡᠢ᠃ ᠪᠤᠯᠠᠭ ᠤᠨ ᠤᠰᠤᠨ ᠤ ᠡᠬᠢᠨ ᠳᠤ ᠨᠦᠬᠡ ᠮᠠᠯᠲᠠᠵᠤ ᠬᠦᠷᠦᠰᠦ ᠶᠢ ᠨᠢ ᠬᠦᠨᠳᠡᠵᠦ ᠪᠣᠯᠬᠤ ᠦᠭᠡᠢ᠃ ᠲᠠᠬᠢᠳᠠᠭ ᠪᠤᠯᠠᠭ ᠤᠨ ᠳᠡᠷᠭᠡᠳᠡᠬᠢ ᠬᠠᠳᠠ ᠴᠢᠯᠠᠭᠤ ᠶᠢ ᠬᠦᠨᠳᠡᠵᠦ ᠬᠦᠳᠡᠯᠭᠡᠬᠦ ᠪᠤᠶᠤ ᠬᠠᠭᠠᠯᠵᠤ ᠨᠤᠷᠠᠭᠠᠵᠤ ᠪᠤᠯᠬᠤ ᠦᠭᠡᠢ ᠵᠡᠷᠭᠡ ᠮᠠᠰᠢ ᠤᠯᠠᠨ ᠴᠡᠭᠡᠷ ᠲᠠᠢ᠃ ᠭᠠᠩ ᠭᠠᠴᠢᠭ ᠲᠠᠢ ᠵᠢᠯ ᠪᠤᠯᠠᠭ ᠤᠨ ᠤᠰᠤᠨ ᠤ ᠤᠨᠳᠤᠷᠤᠯᠭ᠎ᠠ ᠪᠠᠭᠠᠰᠪᠠᠯ ᠴᠠᠭ ᠪᠣᠰᠤ ᠪᠠᠷ ᠢᠷᠡᠵᠦ ᠰᠠᠩ ᠲᠠᠯᠪᠢᠵᠤ ᠨᠣᠮ ᠤᠩᠰᠢᠭᠤᠯᠤᠨ ᠠᠷᠢᠭᠤᠳᠬᠠᠯ ᠬᠢᠳᠡᠭ ᠪᠠᠶᠢᠵᠠᠢ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号