ᠬᠤᠪᠴᠠᠰᠤ ᠬᠤᠨᠠᠷ ᠤᠨ ᠴᠡᠭᠡᠷ 
ᠨᠡᠶᠢᠲᠡᠯᠡᠭᠰᠡᠨ ᠴᠠᠭ᠄
2020/6/18
        ᠰᠦᠨᠢᠳ ᠮᠣᠩᠭᠤᠯᠴᠤᠳ ᠤᠨ ᠬᠤᠪᠴᠠᠰᠤ ᠬᠤᠨᠠᠷ ᠲᠤ ᠮᠠᠰᠢ ᠣᠯᠠᠨ ᠴᠡᠭᠡᠷ ᠶᠣᠰᠤᠨ ᠪᠠᠶᠢᠳᠠᠭ᠃ ᠮᠠᠯᠠᠭᠠᠢ ᠶᠢ ᠶᠡᠭᠡ ᠡᠷᠬᠢᠮᠯᠡᠨ ᠬᠦᠨᠳᠦᠯᠡᠵᠦ ᠬᠠᠮᠢᠶ᠎ᠠ ᠦᠭᠡᠢ ᠭᠠᠵᠠᠷ ᠲᠠᠯᠪᠢᠬᠤ ᠦᠭᠡᠢ᠃ ᠮᠠᠯᠠᠭᠠᠢ ᠳᠡᠭᠡᠭᠦᠷ ᠠᠯᠬᠤᠨ ᠭᠠᠷᠴᠤ ᠪᠣᠯᠬᠤ ᠦᠭᠡᠢ᠃ ᠮᠠᠯᠠᠭᠠᠢ ᠶᠢ ᠳᠡᠭᠡᠭᠰᠢ ᠪᠠᠨ ᠬᠠᠨᠳᠤᠭᠤᠯᠤᠨ ᠲᠠᠯᠪᠢᠵᠤ ᠪᠣᠯᠬᠤ ᠦᠭᠡᠢ᠂ ᠡᠪᠡᠳᠴᠢᠨ ᠤᠳᠠᠨ᠎ᠠ ᠭᠡᠵᠦ ᠴᠡᠭᠡᠷᠯᠡᠨ᠎ᠡ᠃ ᠬᠤᠭᠤᠷᠤᠨᠳᠤ ᠪᠠᠨ ᠮᠠᠯᠠᠭᠠᠢ ᠰᠣᠯᠢᠵᠤ ᠡᠮᠦᠰᠬᠦ ᠦᠭᠡᠢ᠂ ᠬᠡᠷᠪᠡ ᠰᠣᠯᠢᠵᠤ ᠡᠮᠦᠰᠬᠦ ᠤᠴᠢᠷ ᠭᠠᠷᠪᠠᠯ ᠵᠠᠪᠠᠯ ᠮᠠᠯᠠᠭᠠᠢ ᠳᠤ ᠨᠣᠯᠮᠤᠵᠤ ᠡᠮᠦᠰᠬᠦ ᠶᠣᠰᠤᠲᠠᠢ᠃ ᠮᠠᠯᠠᠭᠠᠢ ᠶᠢ ᠬᠦᠮᠦᠨ ᠳᠤ ᠪᠡᠯᠡᠭ ᠲᠤ ᠦᠭᠳᠡᠭ ᠦᠭᠡᠢ᠃ ᠳᠤᠷᠤᠭᠰᠢ ᠬᠠᠷᠠᠭᠰᠠᠨ ᠰᠠᠪᠠ ᠭᠡᠵᠦ ᠴᠡᠭᠡᠷᠯᠡᠨ᠎ᠡ᠃         ᠳᠡᠪᠡᠯ ᠬᠤᠪᠴᠠᠰᠤᠨ ᠤ ᠵᠠᠬ᠎ᠠ ᠶᠢ ᠶᠡᠬᠡᠲᠡ ᠬᠦᠨᠳᠦᠯᠡᠨ ︽ᠬᠦᠮᠦᠨ ᠳᠤ ᠠᠬ᠎ᠠ ᠲᠠᠢ᠂ ᠳᠡᠪᠡᠯ ᠳᠤ ᠵᠠᠬ᠎ᠠ  ᠲᠠᠢ︾ ᠭᠡᠵᠦ ᠬᠡᠯᠡᠳᠡᠭ᠃ ᠳᠡᠪᠡᠯ ᠬᠤᠪᠴᠠᠰᠤ ᠬᠤᠷᠢᠶᠠᠬᠤ ᠳᠠᠭᠠᠨ ᠵᠠᠬ᠎ᠠ ᠶᠢ ᠨᠢ ᠵᠠᠪᠠᠯ ᠬᠤᠶᠢᠰᠢ ᠬᠠᠨᠳᠤᠭᠤᠯᠤᠨ ᠬᠤᠷᠢᠶᠠᠨ᠎ᠠ᠃ ᠤᠷᠤᠭᠰᠢ ᠬᠠᠨᠳᠤᠭᠤᠯᠬᠤ ᠶᠢ ᠴᠡᠭᠡᠷᠯᠡᠨ᠎ᠡ᠃ ᠳᠡᠪᠡᠯ ᠲᠡᠷᠯᠢᠭ ᠤᠨ ᠬᠤᠷᠮᠤᠢ ᠶᠢ ᠰᠢᠭᠤᠵᠤ ᠠᠶᠢᠯ ᠳᠤ ᠣᠷᠤᠬᠤ ᠶᠢ ᠴᠡᠭᠡᠷᠯᠡᠨ᠎ᠡ᠃ ᠠᠬᠠᠮᠠᠳ ᠨᠠᠰᠤᠲᠠᠢ ᠬᠦᠮᠦᠨ ᠤ ᠳᠡᠷᠭᠡᠳᠡ᠂ ᠨᠠᠶᠢᠷ ᠬᠤᠷᠢᠮ ᠳᠡᠭᠡᠷ᠎ᠡ ᠳᠡᠪᠡᠯ ᠳᠡᠷᠯᠢᠭ ᠤᠨ ᠡᠩᠭᠡᠷ ᠵᠠᠭᠠᠮ᠎ᠠ ᠪᠠᠨ ᠵᠠᠳᠠᠭᠠᠢ ᠲᠠᠯᠪᠢᠬᠤ ᠶᠢ ᠴᠡᠭᠡᠷᠯᠡᠨ᠎ᠡ᠃         ᠳᠡᠪᠡᠯ ᠲᠡᠷᠯᠢᠭ ᠣᠶᠤᠬᠤ ᠳᠠᠭᠠᠨ ᠤᠳᠠᠰᠤᠨ ᠤ ᠣᠴᠢᠭ ᠦᠯᠡᠳᠡᠭᠡᠬᠦ ᠶᠢ ᠴᠡᠭᠡᠷᠯᠡᠵᠦ᠂ ᠬᠠᠪᠠᠭᠠᠰᠤ ᠦᠭᠡᠢ ᠬᠤᠪᠴᠠᠰᠤ ᠡᠮᠦᠰᠬᠦ ᠶᠢ ᠶᠡᠬᠡᠳᠡ ᠴᠡᠭᠡᠷᠯᠡᠨ᠎ᠡ᠃         ᠳᠡᠪᠡᠯ ᠲᠡᠷᠯᠢᠭ ᠤᠨ ᠬᠠᠨᠴᠤᠢ ᠶᠢ ᠠᠷᠤᠨᠰᠢ ᠪᠠᠨ ᠡᠷᠬᠢᠭᠦᠯᠬᠦ ᠶᠢ ᠴᠡᠭᠡᠷᠯᠡᠨ᠎ᠡ᠃ ᠪᠦᠰᠡ ᠶᠢ ᠬᠦᠮᠦᠨ ᠤ ᠰᠦᠨᠡᠰᠦ ᠪᠠᠶᠢᠭ᠎ᠠ ᠡᠳ᠋ ᠭᠡᠵᠦ ᠣᠨᠴᠠ ᠬᠦᠨᠳᠦᠯᠡᠨ᠎ᠡ᠃ ᠪᠦᠰᠡ ᠳᠡᠭᠡᠷ᠎ᠡ ᠠᠯᠬᠤᠵᠤ ᠭᠠᠷᠬᠤ᠂ ᠬᠠᠮᠢᠶ᠎ᠠ ᠨᠠᠮᠢᠶ᠎ᠠ ᠦᠭᠡᠢ ᠬᠠᠶᠠᠬᠤ ᠶᠢ ᠴᠡᠭᠡᠷᠯᠡᠨ᠎ᠡ᠃ ᠪᠦᠰᠡ ᠪᠠᠨ ᠲᠠᠶᠢᠯᠵᠤ ᠭᠤᠷᠪᠠ ᠨᠤᠭᠤᠯᠤᠭᠠᠳ ᠳᠡᠷ᠎ᠡ ᠳᠡᠭᠡᠷ᠎ᠡ ᠪᠠᠨ ᠲᠠᠯᠪᠢᠨ᠎ᠠ᠂ ᠤᠨᠲᠠᠬᠤ ᠳᠠᠭᠠᠨ ᠭᠤᠭᠴᠤᠭ᠎ᠠ ᠭᠠᠷᠭᠠᠨ ᠵᠠᠩᠭᠢᠳᠴᠤ ᠳᠡᠷ᠎ᠡ ᠳᠤᠤᠷ᠎ᠠ ᠪᠠᠨ ᠬᠢᠵᠦ ᠤᠨᠲᠠᠨ᠎ᠠ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号