ᠬᠡᠦᠬᠡᠳ ᠤᠨ ᠭᠤᠷᠪᠠ ᠬᠤᠨᠤᠭ ᠤᠨ ᠴᠠᠶᠢᠯᠠᠯᠭ᠎ᠠ
ᠨᠡᠶᠢᠲᠡᠯᠡᠭᠰᠡᠨ ᠴᠠᠭ᠄
2020/6/24
       ᠮᠠᠨ ᠤ ᠰᠦᠨᠢᠳ ᠲᠤ ᠰᠠᠶ᠋ᠢ ᠲᠦᠷᠦᠭᠰᠡᠨ ᠬᠡᠦᠬᠡᠳ ᠲᠤ ᠭᠤᠷᠪᠠ ᠬᠤᠨᠤᠭ ᠳᠡᠭᠡᠷ᠎ᠡ ᠨᠢ ᠤᠬᠢᠶᠠᠯᠭ᠎ᠠ ᠶᠢᠨ ᠨᠠᠶᠢᠷ ᠬᠢᠵᠦ᠂ ᠲᠥᠷᠦᠯ ᠰᠠᠳᠤᠨ ᠨᠥᠬᠦᠷᠰᠡᠭ ᠶᠠᠪᠤᠯᠴᠠᠳᠠᠭ ᠣᠶᠢᠷ᠎ᠠ ᠵᠡᠷᠭᠡᠯᠡᠳᠡᠭᠡ ᠠᠶᠢᠯ ᠢᠶᠠᠨ ᠵᠠᠯᠠᠵᠤ ᠬᠡᠦᠬᠡᠳ ᠤᠨ ᠭᠤᠷᠪᠠ ᠬᠤᠨᠤᠭ ᠤᠨ ᠴᠠᠶᠢᠯᠠᠯᠭ᠎ᠠ ᠬᠢᠳᠡᠭ ᠵᠠᠩᠰᠢᠯ ᠲᠠᠢ᠃ ᠦᠩᠭᠡᠷᠡᠭᠰᠡᠨ ᠳᠤ ᠰᠠᠶ᠋ᠢ ᠲᠥᠷᠦᠭᠰᠡᠨ ᠬᠡᠦᠭᠡᠳ ᠲᠤ ᠰᠠᠷ᠎ᠠ ᠶᠢᠨ ᠨᠠᠶᠢᠷ᠂ ᠣᠢ ᠶᠢᠨ ᠨᠠᠶᠢᠷ ᠬᠢᠳᠡᠭ ᠵᠠᠩᠰᠢᠯ ᠶᠡᠷᠦ ᠪᠠᠶᠢᠭ᠎ᠠ ᠦᠭᠡᠢ᠃ ᠬᠠᠷᠢᠨ ᠬᠡᠦᠬᠡᠳ ᠤᠨ ᠭᠤᠷᠪᠠ ᠬᠤᠨᠤᠭ ᠤᠨ ᠤᠬᠢᠶᠠᠯᠲᠠ ᠬᠢᠬᠦ ᠴᠠᠶᠢᠯᠠᠯᠭ᠎ᠠ ᠶᠢᠨ ᠨᠠᠶᠢᠷ ᠢ ᠵᠠᠪᠠᠯ ᠬᠢᠳᠡᠭ ᠶᠣᠰᠤᠲᠠᠢ᠃ ᠰᠠᠶ᠋ᠢ ᠲᠦᠷᠦᠭᠰᠡᠨ ᠬᠡᠦᠬᠡᠳ ᠲᠡᠭᠡᠨ ᠭᠠᠤᠯᠢᠨ ᠵᠣᠭᠤᠰ ᠬᠡᠯᠬᠢᠵᠦ ᠬᠦᠷᠡᠯ ᠡᠳ᠋ᠯᠡᠯ ᠵᠡᠭᠦᠭᠦ ᠢᠰᠡᠭᠡᠢ ᠪᠣᠶᠣ ᠪᠤᠯᠢᠭᠠᠷᠢ ᠪᠠᠷ ᠦᠨᠡᠭᠡ ᠬᠠᠶᠢᠴᠢᠯᠠᠵᠤ ᠵᠡᠭᠦᠭᠦ ᠪᠦᠭᠡᠳ ᠪᠠᠰᠠ ᠲᠡᠮᠡᠭᠡ᠂ ᠮᠣᠷᠢ ᠬᠠᠶᠢᠴᠢᠯᠠᠵᠤ ᠬᠡᠦᠬᠡᠳ ᠤᠨ ᠨᠠᠭᠠᠳᠤᠮ ᠳᠤ ᠡᠯᠭᠦᠵᠦ ᠲᠠᠯᠪᠢᠳᠠᠭ ᠪᠠᠶᠢᠨ᠎ᠠ᠃        ᠭᠤᠷᠪᠠ ᠬᠤᠨᠤᠭ ᠤᠨ ᠤᠬᠢᠶᠠᠯᠭ᠎ᠠ ᠶᠢᠨ ᠨᠠᠶᠢᠷ ᠤᠨ ᠴᠠᠶᠢᠯᠠᠯᠭ᠎ᠠ ᠳᠤ ᠰᠦ ᠴᠠᠭᠠᠨ ᠢᠳᠡᠭᠡ᠂ ᠠᠷᠢᠬᠢ ᠰᠠᠷᠬᠤᠳ᠂ ᠢᠳᠡᠭᠡ ᠪᠤᠳᠠᠭ᠎ᠠ ᠶᠢ ᠠᠵᠤ ᠠᠮᠢᠳᠤᠷᠠᠯ ᠤᠨ ᠢᠶᠠᠨ ᠬᠢᠷᠢ ᠴᠢᠳᠠᠯ ᠢᠶᠠᠷ ᠲᠡᠭᠦᠰ ᠪᠦᠷᠢᠨ ᠪᠡᠯᠡᠳᠭᠡᠵᠦ᠂ ᠨᠠᠶᠢᠷ ᠲᠤ ᠢᠷᠡᠭᠰᠡᠨ ᠠᠶᠢᠯ ᠰᠠᠭᠠᠬᠠᠯᠲᠠ ᠶᠢᠨ ᠬᠦᠮᠦᠰ᠂ ᠲᠥᠷᠦᠯ ᠰᠠᠳᠤᠨ ᠢᠶᠠᠨ ᠴᠠᠶᠢᠯᠠᠳᠠᠭ ᠶᠤᠮ᠃ ᠭᠤᠷᠪᠠ ᠬᠤᠨᠤᠭ ᠤᠨ ᠤᠬᠢᠶᠠᠯᠭ᠎ᠠ ᠶᠢᠨ ᠴᠠᠶᠢᠯᠠᠯᠭ᠎ᠠ ᠳᠤ ᠢᠷᠡᠭᠰᠡᠨ ᠬᠦᠮᠦᠰ ᠪᠦᠷ ᠬᠡᠦᠬᠡᠳ ᠲᠤ ᠭᠠᠷ ᠤᠨ ᠪᠡᠯᠡᠭ ᠲᠠᠢ ᠢᠷᠡᠳᠡᠭ᠃ ᠢᠷᠡᠭᠰᠡᠨ ᠵᠣᠴᠢᠨ ᠲᠥᠷᠦᠯ ᠰᠠᠳᠤᠨ ᠨᠢ ᠠᠶᠠᠭ᠎ᠠ ᠰᠦ᠂ ᠥᠯᠦᠭᠡᠢ ᠶᠢᠨ ᠪᠥᠰ᠂ ᠨᠠᠭᠠᠳᠤᠮ ᠲᠤᠭᠯᠠᠭᠠᠮ᠂ ᠬᠠᠳᠠᠭ ᠰᠠᠮᠪᠠᠢ᠂ ᠮᠥᠩᠭᠦᠨ ᠵᠣᠭᠤᠰ᠂ ᠰᠢᠨ᠎ᠡ ᠬᠤᠪᠴᠠᠰᠤ ᠬᠤᠨᠠᠷ ᠲᠡᠷᠢᠭᠦᠳᠡᠨ ᠢ ᠰᠢᠨ᠎ᠡ ᠬᠦᠮᠦᠨ ᠤ ᠬᠤᠪᠢ ᠭᠡᠵᠦ ᠪᠡᠯᠡᠭᠯᠡᠬᠦ ᠳᠡᠭᠡᠨ ᠬᠦᠦ ᠲᠦᠷᠦᠭᠰᠡᠨ ᠪᠣᠯ ︽ᠠᠳᠤᠭᠤᠨ ᠤ ᠬᠦᠮᠦᠨ ᠲᠠᠢ ᠪᠣᠯᠤᠭᠰᠠᠨ ᠳᠤ ᠪᠠᠶᠠᠷ ᠬᠦᠷᠭᠡᠶ᠎ᠡ︾ ᠭᠡᠬᠦ ᠪᠣᠶᠣ ᠬᠡᠦᠬᠡᠨ ᠲᠥᠷᠦᠭᠰᠡᠨ ᠪᠠᠶᠢᠪᠠᠯ ︽ᠬᠤᠨᠢᠨ ᠤ ᠬᠦᠮᠦᠨ ᠲᠠᠢ ᠪᠣᠯᠣᠭᠰᠠᠨ ᠳᠤ ᠪᠠᠶᠠᠷ ᠬᠦᠷᠭᠡᠶ᠎ᠡ︾ ᠭᠡᠵᠦ ᠬᠡᠯᠡᠭᠡᠳ ᠪᠡᠯᠡᠭ ᠢᠶᠠᠨ ᠦᠭᠳᠡᠭ ᠪᠠᠶᠢᠨ᠎ᠠ᠃ ᠣᠶᠢᠷ᠎ᠠ ᠲᠥᠷᠦᠯ ᠰᠠᠳᠤᠨ ᠨᠢ ᠭᠤᠣᠯᠳᠠᠭᠤ ᠬᠤᠨᠢ᠂ ᠠᠳᠤᠭᠤ᠂ ᠦᠬᠡᠷ ᠮᠡᠲᠦ ᠶᠢᠨ ᠡᠬᠡ ᠮᠠᠯ ᠵᠢᠭᠠᠵᠤ ᠦᠭᠳᠡᠭ ᠨᠢ ᠲᠦᠭᠡᠮᠡᠯ ᠪᠣᠢ᠃        ᠭᠤᠷᠪᠠ ᠬᠤᠨᠤᠭ ᠤᠨ ᠤᠬᠢᠶᠠᠯᠭ᠎ᠠ ᠶᠢ ᠬᠡᠦᠬᠡᠳ ᠤᠨ ᠬᠦᠢᠰᠦ ᠪᠤᠭᠤᠭᠰᠠᠨ ᠡᠵᠢ ᠡᠬᠢᠯᠡᠵᠦ ᠱᠦᠯᠦᠨ ᠤ ᠬᠤᠨᠢᠨ ᠤ ᠬᠦᠵᠦᠬᠦᠦ ᠶᠢᠨ ᠶᠠᠰᠤ ᠴᠢᠨᠠᠵᠤ᠂ ᠳᠡᠭᠦᠨ ᠤ ᠱᠦᠯᠦ ᠪᠠᠷ ᠬᠡᠦᠬᠡᠳ ᠢ ᠤᠬᠢᠶᠠᠵᠤ᠂ ᠬᠦᠵᠢ ᠤᠲᠤᠯᠭ᠎ᠠ ᠪᠠᠷ ᠠᠷᠢᠭᠤᠳᠬᠠᠨ ᠰᠦ ᠪᠠᠷ ᠮᠢᠯᠢᠶᠠᠵᠤ᠂ ᠪᠡᠯᠡᠭ ᠰᠡᠯᠳᠡ ᠶᠢᠨ ᠮᠠᠯ ᠵᠢᠭᠠᠵᠤ ᠦᠭᠴᠤ ᠡᠷᠡᠭᠦᠯ ᠡᠩᠬᠡ ᠥᠰᠴᠦ ᠪᠣᠶᠢᠵᠢᠬᠤ ᠶᠢ ᠪᠡᠯᠭᠡᠯᠡᠳᠡᠭ᠃        ᠭᠤᠷᠪᠠ ᠬᠤᠨᠤᠭ ᠤᠨ ᠤᠬᠢᠶᠠᠯᠲᠠ ᠶᠢᠨ ᠴᠠᠶᠢᠯᠠᠯᠭ᠎ᠠ ᠳᠤ ᠴᠠᠢ᠂ ᠢᠳᠡᠭᠡ ᠪᠤᠳᠠᠭ᠎ᠠ᠂ ᠠᠷᠢᠬᠢ ᠳᠠᠷᠠᠰᠤ ᠶᠢ ᠶᠣᠰᠤ ᠭᠤᠷᠢᠮ ᠲᠠᠢ ᠶᠣᠰᠤᠴᠢᠯᠠᠨ ᠭᠦᠢᠴᠡᠳᠭᠡᠭᠰᠡᠨ ᠤ ᠳᠠᠷᠠᠭ᠎ᠠ ᠨᠠᠶᠢᠷ ᠲᠠᠷᠬᠠᠳᠠᠭ ᠪᠠᠶᠢᠨ᠎ᠠ᠃ ᠬᠡᠦᠬᠡᠳ ᠤᠨ ᠭᠤᠷᠪᠠ ᠬᠤᠨᠤᠭ ᠤᠨ ᠤᠬᠢᠶᠠᠯᠭ᠎ᠠ ᠶᠢᠨ ᠨᠠᠶᠢᠷ ᠲᠤ ᠮᠢᠬ᠎ᠠ ᠴᠢᠨᠠᠵᠤ ᠢᠳᠡᠬᠦ ᠪᠦᠭᠡᠳ ᠪᠤᠳᠠᠭ᠎ᠠ ᠴᠢᠨᠠᠵᠤ ᠢᠳᠡᠬᠦ ᠪᠣᠢ᠃ ᠠᠷᠢᠬᠢ ᠤᠤᠭᠤᠵᠤ ᠰᠤᠭᠲᠤᠬᠤ ᠶᠢ ᠴᠡᠭᠡᠷᠯᠡᠵᠦ᠂ ᠪᠣᠯᠬᠢ ᠪᠦᠳᠦᠭᠦᠯᠢᠭ ᠠᠭᠠᠰᠢᠯᠠᠬᠤ ᠶᠢ ᠣᠨᠴᠠ ᠴᠡᠭᠡᠷᠯᠡᠨ᠂ ᠪᠤᠯᠪᠠᠰᠤᠨ ᠶᠣᠰᠤᠷᠬᠠᠭ ᠢ ᠡᠷᠬᠢᠮᠯᠡᠳᠡᠭ ᠳᠠᠳᠬᠠᠯ ᠲᠠᠢ ᠶᠤᠮ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号