ᠰᠢᠨ᠎ᠡ ᠭᠡᠷ ᠤᠨ ᠴᠠᠶᠢᠯᠠᠯᠭ᠎ᠠ
ᠨᠡᠶᠢᠲᠡᠯᠡᠭᠰᠡᠨ ᠴᠠᠭ᠄
2020/6/28
        ᠰᠦᠨᠢᠳᠴᠤᠳ ᠶᠠᠮᠠᠷ ᠨᠢᠭᠡᠨ ᠠᠶᠢᠯ ᠰᠢᠨ᠎ᠡ ᠭᠡᠷ ᠪᠠᠷᠢᠪᠠᠯ ᠰᠢᠨ᠎ᠡ ᠭᠡᠷ ᠤᠨ ᠴᠠᠶᠢᠯᠠᠯᠭ᠎ᠠ ᠬᠢᠳᠡᠭ ᠶᠣᠰᠤᠨ ᠪᠣᠢ᠃ ᠮᠣᠩᠭᠤᠯᠴᠤᠳ ᠰᠢᠨ᠎ᠡ ᠭᠡᠷ ᠪᠠᠷᠢᠪᠠᠯ ᠡᠨᠡ ᠬᠤᠷᠸ᠎ᠠ ᠳᠤ ᠡᠭᠦᠳᠡ ᠬᠠᠭᠠᠯᠭ᠎ᠠ ᠨᠡᠭᠡᠭᠡᠵᠦ ᠡᠷᠦᠬᠡ ᠭᠤᠯᠤᠮᠲᠠ ᠪᠤᠰᠬᠠᠯ᠎ᠠ ᠭᠡᠵᠦ ᠨᠠᠶᠢᠷ ᠬᠢᠵᠦ ᠪᠡᠯᠭᠡᠯᠡᠳᠡᠭ ᠪᠠᠶᠢᠨ᠎ᠠ᠃ ᠰᠢᠨ᠎ᠡ ᠭᠡᠷ ᠤᠨ ᠴᠠᠶᠢᠯᠠᠯᠭ᠎ᠠ ᠪᠣᠯ ᠡᠭᠦᠨ ᠤ ᠨᠢᠭᠡ ᠭᠤᠣᠯ ᠠᠭᠤᠯᠭ᠎ᠠ ᠨᠢ ᠮᠦᠨ᠃         ᠰᠢᠨ᠎ᠡ ᠭᠡᠷ ᠪᠠᠷᠢᠵᠤ ᠠᠳᠡᠯ ᠦᠢᠯᠡᠰ ᠢᠶᠠᠨ ᠪᠤᠰᠬᠠᠬᠤ ᠳᠠᠭᠠᠨ ᠬᠠᠮᠤᠭ ᠲᠡᠷᠢᠭᠦᠨ ᠳᠤ ᠭᠠᠯ ᠲᠣᠭᠤᠭ᠎ᠠ ᠨᠡᠶᠢᠯᠡᠭᠦᠯᠵᠦ᠂ ᠶᠠᠭᠤᠨ ᠤ ᠤᠷᠢᠳ ᠪᠦᠲᠦᠨ ᠬᠡᠪ ᠤᠨ ᠴᠠᠢ ᠬᠠᠭᠠᠯᠵᠤ ᠰᠢᠨ᠎ᠡ ᠴᠠᠢ ᠴᠢᠨᠠᠵᠤ᠂ ᠴᠠᠢ ᠶᠢᠨ ᠳᠡᠭᠡᠵᠢ ᠪᠠᠨ ᠭᠡᠷ ᠪᠠᠷᠢᠵᠤ ᠪᠠᠶᠢᠭ᠎ᠠ ᠡᠵᠡᠨ ᠬᠦᠮᠦᠨ ᠳᠤ ᠠᠶᠠᠭᠠᠯᠠᠨ ᠦᠭᠴᠦ᠂ ᠳᠠᠷᠠᠭ᠎ᠠ ᠨᠢ ᠬᠠᠮᠤᠭ ᠤᠨ ᠬᠦᠨᠳᠦᠳᠦ ᠨᠠᠰᠤᠲᠠᠨ ᠠᠴᠠ ᠡᠬᠢᠯᠡᠨ ᠢᠷᠡᠭᠰᠡᠨ ᠵᠤᠴᠢᠨ ᠳᠠᠭᠠᠨ ᠠᠶᠠᠭᠠᠯᠠᠵᠤ ᠴᠠᠢ ᠤᠤᠭᠤᠯᠭᠠᠨ ᠭᠡᠷ ᠮᠢᠯᠢᠶᠠᠬᠤ ᠨᠠᠶᠢᠷ ᠡᠬᠢᠯᠡᠳᠡᠭ ᠶᠣᠰᠤᠲᠠᠢ᠃ ᠰᠠᠭᠠᠬᠠᠯᠲᠠ ᠵᠡᠷᠭᠡᠯᠡᠳᠡᠭᠡ ᠠᠶᠢᠯ᠂ ᠲᠥᠷᠦᠯ ᠰᠠᠳᠤᠨ ᠳᠠᠭᠠᠨ ᠵᠠᠯᠠᠯᠭ᠎ᠠ ᠲᠠᠯᠪᠢᠵᠤ᠂ ᠪᠡᠯᠭᠡᠳᠦ ᠰᠠᠶᠢᠨ ᠡᠳᠦᠷ ᠰᠤᠩᠭᠤᠵᠤ ᠰᠢᠨ᠎ᠡ ᠭᠡᠷ ᠤᠨ ᠴᠠᠢ ᠤᠤᠭᠤᠯᠭᠠᠵᠤ ᠨᠠᠶᠢᠷ ᠬᠢᠳᠡᠭ᠃ ᠰᠢᠨ᠎ᠡ ᠭᠡᠷ ᠤᠨ ᠴᠠᠢ ᠤᠤᠭᠤᠯᠭᠠᠬᠤ ᠨᠢ ᠶᠡᠷᠦ ᠨᠢ ᠦᠳᠡ ᠶᠢᠨ ᠭᠤᠣᠯ ᠳᠤ ᠡᠬᠢᠯᠡᠳᠡᠭ ᠲᠤᠭᠲᠠᠭᠰᠠᠨ ᠶᠣᠰᠤ ᠭᠤᠷᠢᠮ ᠲᠠᠢ᠃         ᠰᠢᠨ᠎ᠡ ᠭᠡᠷ ᠤᠨ ᠴᠠᠢ ᠤᠤᠭᠤᠯᠭᠠᠬᠤ ᠠᠶᠢᠯ ᠨᠢ ᠴᠠᠭᠠᠨ ᠢᠳᠡᠭᠡ ᠵᠠᠰᠠᠵᠤ᠂ ᠠᠷᠢᠬᠢ ᠰᠠᠷᠬᠤᠳ ᠳᠡᠷᠢᠭᠦᠳᠡᠨ ᠢ ᠪᠦᠷᠢᠨ ᠪᠡᠯᠡᠳᠭᠡᠵᠦ᠂ ᠤᠷᠢᠯᠭ᠎ᠠ ᠪᠠᠷ ᠢᠷᠡᠭᠰᠡᠨ ᠵᠤᠴᠢᠨ ᠳᠠᠭᠠᠨ ᠰᠢᠨ᠎ᠡ ᠭᠡᠷ ᠤᠨ ᠴᠠᠢ ᠠᠶᠠᠭᠠᠯᠠᠵᠤ ᠥᠭᠭᠦᠨ᠎ᠡ᠃ ᠢᠷᠡᠭᠰᠡᠨ ᠵᠣᠴᠢᠨ ᠨᠢ ᠰᠢᠨ᠎ᠡ ᠭᠡᠷ ᠤᠨ ᠴᠠᠢ ᠶᠢ ᠤᠤᠭᠤᠭᠰᠠᠨ ᠤ ᠳᠠᠷᠠᠭ᠎ᠠ ᠪᠡᠯᠡᠭ ᠰᠡᠯᠳᠡ ᠬᠦᠷᠭᠡᠨ᠎ᠡ᠃ ᠥᠭᠬᠦ ᠪᠡᠯᠡᠭ ᠲᠤ ᠭᠤᠣᠯᠳᠠᠭᠤ ᠴᠠᠢ᠂ ᠴᠦᠢᠳᠧᠩ᠂ ᠠᠷᠢᠬᠢ᠂ ᠳᠡᠪᠡᠯ ᠤᠨ ᠲᠣᠷᠭ᠎ᠠ ᠪᠣᠶᠣ ᠢᠰᠡᠭᠡᠢ ᠰᠢᠷᠳᠡᠭ ᠳᠡᠪᠢᠰᠭᠡᠷ ᠴᠤ ᠪᠠᠶᠢᠵᠤ ᠪᠣᠯᠣᠨ᠎ᠠ᠃ ᠢᠷᠡᠭᠰᠡᠨ ᠵᠣᠴᠢᠨ ᠤ ᠪᠡᠯᠡᠭ ᠰᠡᠯᠳᠡ ᠶᠢᠨ ᠳᠠᠷᠠᠭ᠎ᠠ ᠭᠡᠷ ᠤᠨ ᠡᠵᠡᠨ ᠨᠢ ᠠᠷᠢᠬᠢ ᠬᠡᠮᠨᠡᠵᠦ ᠥᠭᠳᠡᠭ᠃ ᠢᠩᠭᠢᠭᠡᠳ ᠪᠦᠭᠦᠳᠡᠭᠡᠷ ᠴᠠᠢ ᠤᠤᠭᠤᠵᠤ ᠠᠷᠢᠬᠢ ᠬᠡᠮᠨᠡᠵᠦ᠂ ᠢᠳᠡᠭᠡ ᠪᠤᠳᠠᠭ᠎ᠠ ᠪᠦᠷᠢᠳᠭᠡᠨ᠂ ᠳᠠᠭᠤᠤ ᠳᠠᠭᠤᠯᠠᠵᠤ ᠨᠠᠶᠢᠷᠯᠠᠳᠠᠭ ᠤᠴᠢᠷᠲᠠᠢ᠃ ᠰᠢᠨ᠎ᠡ ᠭᠡᠷ ᠤᠨ ᠨᠠᠶᠢᠷ ᠲᠤ ᠰᠢᠷ᠎ᠠ ᠲᠣᠰᠤ ᠲᠠᠢ ᠠᠮᠲᠠ ᠬᠢᠭᠰᠡᠨ ᠴᠠᠭᠠᠨ ᠪᠤᠳᠠᠭ᠎ᠠ ᠪᠣᠶᠣ ᠰᠢᠷ᠎ᠠ ᠪᠤᠳᠠᠭ᠎ᠠ ᠴᠢᠨᠠᠵᠤ ᠢᠷᠡᠭᠰᠡᠨ ᠵᠣᠴᠢᠨ ᠪᠦᠭᠦᠳᠡᠨ ᠳᠤ ᠨᠢᠭᠡ ᠠᠶᠠᠭ᠎ᠠ ᠠᠶᠠᠭᠠᠯᠠᠵᠤ ᠦᠭᠳᠡᠭ᠃         ᠰᠢᠨ᠎ᠡ ᠭᠡᠷ ᠤᠨ ᠴᠠᠶᠢᠯᠠᠯᠭ᠎ᠠ ᠳᠤ ᠢᠷᠡᠭᠰᠡᠨ ᠬᠦᠮᠦᠰ ᠰᠢᠨ᠎ᠡ ᠠᠶᠢᠯ ᠳᠤ ᠪᠡᠯᠭᠡ ᠳᠡᠮᠪᠡᠷᠡᠯ ᠲᠠᠢ ᠰᠠᠶᠢᠬᠠᠨ ᠦᠭᠡ ᠶᠠᠷᠢᠯᠴᠠᠨ ᠪᠣᠯᠬᠢ ᠪᠦᠳᠦᠭᠦᠯᠢᠭ ᠢ ᠤᠨᠴᠠᠭᠠᠢ ᠴᠡᠭᠡᠷᠯᠡᠳᠡᠭ᠃ ᠣᠷᠤᠢ ᠰᠢᠨ᠎ᠡ ᠭᠡᠷ ᠤᠨ ᠴᠠᠶᠢᠯᠠᠯᠭ᠎ᠠ ᠲᠠᠷᠬᠠᠬᠤ ᠳᠤ ᠢᠷᠡᠭᠰᠡᠨ ᠵᠣᠴᠢᠨ ᠳᠤ ᠪᠦᠷ ᠭᠠᠷ ᠤᠨ ᠴᠠᠭᠠᠨ ᠪᠡᠯᠡᠭ ᠦᠭᠴᠦ ᠦᠳᠡᠵᠦ ᠮᠣᠷᠳᠠᠭᠤᠯᠳᠠᠭ᠃         ᠰᠢᠨ᠎ᠡ ᠭᠡᠷ ᠪᠠᠷᠢᠭᠰᠠᠨ ᠠᠶᠢᠯ ᠳᠤ ᠰᠢᠨ᠎ᠡ ᠭᠡᠷ ᠤᠨ ᠴᠠᠶᠢᠯᠠᠯᠭ᠎ᠠ ᠠᠴᠠ ᠬᠤᠶᠢᠰᠢ ᠶᠠᠮᠠᠷ ᠨᠢᠭᠡ ᠬᠦᠮᠦᠨ ᠢᠷᠡᠭᠰᠡᠨ ᠴᠤ ᠪᠦᠷ ᠵᠠᠪᠠᠯ ᠰᠢᠨ᠎ᠡ ᠴᠠᠢ ᠴᠢᠨᠠᠵᠤ ᠦᠭᠳᠡᠭ ᠪᠦᠭᠡᠳ ᠠᠷᠢᠬᠢ ᠬᠡᠮᠨᠡᠵᠦ᠂ ᠴᠠᠭᠠᠨ ᠢᠳᠡᠭᠡ ᠵᠠᠰᠠᠵᠤ᠂ ᠰᠢᠨ᠎ᠡ ᠭᠡᠷ ᠤᠨ ᠴᠠᠢ ᠤᠤᠭᠤᠯᠭᠠᠳᠠᠭ ᠪᠠᠶᠢᠨ᠎ᠠ᠃ ᠮᠠᠨ ᠤ ᠰᠦᠨᠢᠳ ᠨᠤᠲᠤᠭ ᠲᠤ ᠢᠷᠡᠭᠰᠡᠨ ᠵᠤᠴᠢᠨ ᠳᠠᠭᠠᠨ ᠲᠠᠨᠢᠬᠤ ᠲᠠᠨᠢᠬᠤ ᠦᠭᠡᠢ ᠬᠦᠮᠦᠨ ᠭᠡᠰᠡᠨ ᠦᠭᠡᠢ ᠬᠦᠢᠲᠡᠨ ᠴᠠᠢ ᠪᠠ ᠬᠠᠯᠠᠭᠠᠭᠰᠠᠨ ᠴᠠᠢ ᠥᠭᠬᠦ ᠶᠢ ᠴᠡᠭᠡᠷᠯᠡᠵᠦ᠂ ᠵᠠᠪᠠᠯ ᠰᠢᠨ᠎ᠡ ᠴᠠᠢ ᠴᠢᠨᠠᠵᠤ ᠦᠭᠳᠡᠭ ᠳᠠᠳᠬᠠᠯ ᠲᠠᠢ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号