ᠰᠦᠨᠢᠳᠴᠤᠳ ᠶᠠᠮᠠᠷ ᠨᠢᠭᠡᠨ ᠠᠶᠢᠯ ᠰᠢᠨ᠎ᠡ ᠭᠡᠷ ᠪᠠᠷᠢᠪᠠᠯ ᠰᠢᠨ᠎ᠡ ᠭᠡᠷ ᠤᠨ ᠴᠠᠶᠢᠯᠠᠯᠭ᠎ᠠ ᠬᠢᠳᠡᠭ ᠶᠣᠰᠤᠨ | ᠪᠣᠢ᠃ ᠮᠣᠩᠭᠤᠯᠴᠤᠳ ᠰᠢᠨ᠎ᠡ ᠭᠡᠷ ᠪᠠᠷᠢᠪᠠᠯ ᠡᠨᠡ ᠬᠤᠷᠸ᠎ᠠ ᠳᠤ ᠡᠭᠦᠳᠡ ᠬᠠᠭᠠᠯᠭ᠎ᠠ ᠨᠡᠭᠡᠭᠡᠵᠦ ᠡᠷᠦᠬᠡ ᠭᠤᠯᠤᠮᠲᠠ | ᠪᠤᠰᠬᠠᠯ᠎ᠠ ᠭᠡᠵᠦ ᠨᠠᠶᠢᠷ ᠬᠢᠵᠦ ᠪᠡᠯᠭᠡᠯᠡᠳᠡᠭ ᠪᠠᠶᠢᠨ᠎ᠠ᠃ ᠰᠢᠨ᠎ᠡ ᠭᠡᠷ ᠤᠨ ᠴᠠᠶᠢᠯᠠᠯᠭ᠎ᠠ ᠪᠣᠯ ᠡᠭᠦᠨ ᠤ ᠨᠢᠭᠡ ᠭᠤᠣᠯ | ᠠᠭᠤᠯᠭ᠎ᠠ ᠨᠢ ᠮᠦᠨ᠃ | ᠰᠢᠨ᠎ᠡ ᠭᠡᠷ ᠪᠠᠷᠢᠵᠤ ᠠᠳᠡᠯ ᠦᠢᠯᠡᠰ ᠢᠶᠠᠨ ᠪᠤᠰᠬᠠᠬᠤ ᠳᠠᠭᠠᠨ ᠬᠠᠮᠤᠭ ᠲᠡᠷᠢᠭᠦᠨ ᠳᠤ ᠭᠠᠯ ᠲᠣᠭᠤᠭ᠎ᠠ | ᠨᠡᠶᠢᠯᠡᠭᠦᠯᠵᠦ᠂ ᠶᠠᠭᠤᠨ ᠤ ᠤᠷᠢᠳ ᠪᠦᠲᠦᠨ ᠬᠡᠪ ᠤᠨ ᠴᠠᠢ ᠬᠠᠭᠠᠯᠵᠤ ᠰᠢᠨ᠎ᠡ ᠴᠠᠢ ᠴᠢᠨᠠᠵᠤ᠂ ᠴᠠᠢ ᠶᠢᠨ | ᠳᠡᠭᠡᠵᠢ ᠪᠠᠨ ᠭᠡᠷ ᠪᠠᠷᠢᠵᠤ ᠪᠠᠶᠢᠭ᠎ᠠ ᠡᠵᠡᠨ ᠬᠦᠮᠦᠨ ᠳᠤ ᠠᠶᠠᠭᠠᠯᠠᠨ ᠦᠭᠴᠦ᠂ ᠳᠠᠷᠠᠭ᠎ᠠ ᠨᠢ ᠬᠠᠮᠤᠭ ᠤᠨ ᠬᠦᠨᠳᠦᠳᠦ | ᠨᠠᠰᠤᠲᠠᠨ ᠠᠴᠠ ᠡᠬᠢᠯᠡᠨ ᠢᠷᠡᠭᠰᠡᠨ ᠵᠤᠴᠢᠨ ᠳᠠᠭᠠᠨ ᠠᠶᠠᠭᠠᠯᠠᠵᠤ ᠴᠠᠢ ᠤᠤᠭᠤᠯᠭᠠᠨ ᠭᠡᠷ ᠮᠢᠯᠢᠶᠠᠬᠤ ᠨᠠᠶᠢᠷ | ᠡᠬᠢᠯᠡᠳᠡᠭ ᠶᠣᠰᠤᠲᠠᠢ᠃ ᠰᠠᠭᠠᠬᠠᠯᠲᠠ ᠵᠡᠷᠭᠡᠯᠡᠳᠡᠭᠡ ᠠᠶᠢᠯ᠂ ᠲᠥᠷᠦᠯ ᠰᠠᠳᠤᠨ ᠳᠠᠭᠠᠨ ᠵᠠᠯᠠᠯᠭ᠎ᠠ ᠲᠠᠯᠪᠢᠵᠤ᠂ | ᠪᠡᠯᠭᠡᠳᠦ ᠰᠠᠶᠢᠨ ᠡᠳᠦᠷ ᠰᠤᠩᠭᠤᠵᠤ ᠰᠢᠨ᠎ᠡ ᠭᠡᠷ ᠤᠨ ᠴᠠᠢ ᠤᠤᠭᠤᠯᠭᠠᠵᠤ ᠨᠠᠶᠢᠷ ᠬᠢᠳᠡᠭ᠃ ᠰᠢᠨ᠎ᠡ ᠭᠡᠷ ᠤᠨ ᠴᠠᠢ | ᠤᠤᠭᠤᠯᠭᠠᠬᠤ ᠨᠢ ᠶᠡᠷᠦ ᠨᠢ ᠦᠳᠡ ᠶᠢᠨ ᠭᠤᠣᠯ ᠳᠤ ᠡᠬᠢᠯᠡᠳᠡᠭ ᠲᠤᠭᠲᠠᠭᠰᠠᠨ ᠶᠣᠰᠤ ᠭᠤᠷᠢᠮ ᠲᠠᠢ᠃ | ᠰᠢᠨ᠎ᠡ ᠭᠡᠷ ᠤᠨ ᠴᠠᠢ ᠤᠤᠭᠤᠯᠭᠠᠬᠤ ᠠᠶᠢᠯ ᠨᠢ ᠴᠠᠭᠠᠨ ᠢᠳᠡᠭᠡ ᠵᠠᠰᠠᠵᠤ᠂ ᠠᠷᠢᠬᠢ ᠰᠠᠷᠬᠤᠳ | ᠳᠡᠷᠢᠭᠦᠳᠡᠨ ᠢ ᠪᠦᠷᠢᠨ ᠪᠡᠯᠡᠳᠭᠡᠵᠦ᠂ ᠤᠷᠢᠯᠭ᠎ᠠ ᠪᠠᠷ ᠢᠷᠡᠭᠰᠡᠨ ᠵᠤᠴᠢᠨ ᠳᠠᠭᠠᠨ ᠰᠢᠨ᠎ᠡ ᠭᠡᠷ ᠤᠨ ᠴᠠᠢ ᠠᠶᠠᠭᠠᠯᠠᠵᠤ | ᠥᠭᠭᠦᠨ᠎ᠡ᠃ ᠢᠷᠡᠭᠰᠡᠨ ᠵᠣᠴᠢᠨ ᠨᠢ ᠰᠢᠨ᠎ᠡ ᠭᠡᠷ ᠤᠨ ᠴᠠᠢ ᠶᠢ ᠤᠤᠭᠤᠭᠰᠠᠨ ᠤ ᠳᠠᠷᠠᠭ᠎ᠠ ᠪᠡᠯᠡᠭ ᠰᠡᠯᠳᠡ ᠬᠦᠷᠭᠡᠨ᠎ᠡ᠃ | ᠥᠭᠬᠦ ᠪᠡᠯᠡᠭ ᠲᠤ ᠭᠤᠣᠯᠳᠠᠭᠤ ᠴᠠᠢ᠂ ᠴᠦᠢᠳᠧᠩ᠂ ᠠᠷᠢᠬᠢ᠂ ᠳᠡᠪᠡᠯ ᠤᠨ ᠲᠣᠷᠭ᠎ᠠ ᠪᠣᠶᠣ ᠢᠰᠡᠭᠡᠢ ᠰᠢᠷᠳᠡᠭ | ᠳᠡᠪᠢᠰᠭᠡᠷ ᠴᠤ ᠪᠠᠶᠢᠵᠤ ᠪᠣᠯᠣᠨ᠎ᠠ᠃ ᠢᠷᠡᠭᠰᠡᠨ ᠵᠣᠴᠢᠨ ᠤ ᠪᠡᠯᠡᠭ ᠰᠡᠯᠳᠡ ᠶᠢᠨ ᠳᠠᠷᠠᠭ᠎ᠠ ᠭᠡᠷ ᠤᠨ ᠡᠵᠡᠨ ᠨᠢ | ᠠᠷᠢᠬᠢ ᠬᠡᠮᠨᠡᠵᠦ ᠥᠭᠳᠡᠭ᠃ ᠢᠩᠭᠢᠭᠡᠳ ᠪᠦᠭᠦᠳᠡᠭᠡᠷ ᠴᠠᠢ ᠤᠤᠭᠤᠵᠤ ᠠᠷᠢᠬᠢ ᠬᠡᠮᠨᠡᠵᠦ᠂ ᠢᠳᠡᠭᠡ ᠪᠤᠳᠠᠭ᠎ᠠ | ᠪᠦᠷᠢᠳᠭᠡᠨ᠂ ᠳᠠᠭᠤᠤ ᠳᠠᠭᠤᠯᠠᠵᠤ ᠨᠠᠶᠢᠷᠯᠠᠳᠠᠭ ᠤᠴᠢᠷᠲᠠᠢ᠃ ᠰᠢᠨ᠎ᠡ ᠭᠡᠷ ᠤᠨ ᠨᠠᠶᠢᠷ ᠲᠤ ᠰᠢᠷ᠎ᠠ ᠲᠣᠰᠤ ᠲᠠᠢ | ᠠᠮᠲᠠ ᠬᠢᠭᠰᠡᠨ ᠴᠠᠭᠠᠨ ᠪᠤᠳᠠᠭ᠎ᠠ ᠪᠣᠶᠣ ᠰᠢᠷ᠎ᠠ ᠪᠤᠳᠠᠭ᠎ᠠ ᠴᠢᠨᠠᠵᠤ ᠢᠷᠡᠭᠰᠡᠨ ᠵᠣᠴᠢᠨ ᠪᠦᠭᠦᠳᠡᠨ ᠳᠤ ᠨᠢᠭᠡ ᠠᠶᠠᠭ᠎ᠠ | ᠠᠶᠠᠭᠠᠯᠠᠵᠤ ᠦᠭᠳᠡᠭ᠃ | ᠰᠢᠨ᠎ᠡ ᠭᠡᠷ ᠤᠨ ᠴᠠᠶᠢᠯᠠᠯᠭ᠎ᠠ ᠳᠤ ᠢᠷᠡᠭᠰᠡᠨ ᠬᠦᠮᠦᠰ ᠰᠢᠨ᠎ᠡ ᠠᠶᠢᠯ ᠳᠤ ᠪᠡᠯᠭᠡ ᠳᠡᠮᠪᠡᠷᠡᠯ ᠲᠠᠢ ᠰᠠᠶᠢᠬᠠᠨ | ᠦᠭᠡ ᠶᠠᠷᠢᠯᠴᠠᠨ ᠪᠣᠯᠬᠢ ᠪᠦᠳᠦᠭᠦᠯᠢᠭ ᠢ ᠤᠨᠴᠠᠭᠠᠢ ᠴᠡᠭᠡᠷᠯᠡᠳᠡᠭ᠃ ᠣᠷᠤᠢ ᠰᠢᠨ᠎ᠡ ᠭᠡᠷ ᠤᠨ ᠴᠠᠶᠢᠯᠠᠯᠭ᠎ᠠ | ᠲᠠᠷᠬᠠᠬᠤ ᠳᠤ ᠢᠷᠡᠭᠰᠡᠨ ᠵᠣᠴᠢᠨ ᠳᠤ ᠪᠦᠷ ᠭᠠᠷ ᠤᠨ ᠴᠠᠭᠠᠨ ᠪᠡᠯᠡᠭ ᠦᠭᠴᠦ ᠦᠳᠡᠵᠦ ᠮᠣᠷᠳᠠᠭᠤᠯᠳᠠᠭ᠃ | ᠰᠢᠨ᠎ᠡ ᠭᠡᠷ ᠪᠠᠷᠢᠭᠰᠠᠨ ᠠᠶᠢᠯ ᠳᠤ ᠰᠢᠨ᠎ᠡ ᠭᠡᠷ ᠤᠨ ᠴᠠᠶᠢᠯᠠᠯᠭ᠎ᠠ ᠠᠴᠠ ᠬᠤᠶᠢᠰᠢ ᠶᠠᠮᠠᠷ ᠨᠢᠭᠡ ᠬᠦᠮᠦᠨ | ᠢᠷᠡᠭᠰᠡᠨ ᠴᠤ ᠪᠦᠷ ᠵᠠᠪᠠᠯ ᠰᠢᠨ᠎ᠡ ᠴᠠᠢ ᠴᠢᠨᠠᠵᠤ ᠦᠭᠳᠡᠭ ᠪᠦᠭᠡᠳ ᠠᠷᠢᠬᠢ ᠬᠡᠮᠨᠡᠵᠦ᠂ ᠴᠠᠭᠠᠨ ᠢᠳᠡᠭᠡ ᠵᠠᠰᠠᠵᠤ᠂ | ᠰᠢᠨ᠎ᠡ ᠭᠡᠷ ᠤᠨ ᠴᠠᠢ ᠤᠤᠭᠤᠯᠭᠠᠳᠠᠭ ᠪᠠᠶᠢᠨ᠎ᠠ᠃ ᠮᠠᠨ ᠤ ᠰᠦᠨᠢᠳ ᠨᠤᠲᠤᠭ ᠲᠤ ᠢᠷᠡᠭᠰᠡᠨ ᠵᠤᠴᠢᠨ ᠳᠠᠭᠠᠨ | ᠲᠠᠨᠢᠬᠤ ᠲᠠᠨᠢᠬᠤ ᠦᠭᠡᠢ ᠬᠦᠮᠦᠨ ᠭᠡᠰᠡᠨ ᠦᠭᠡᠢ ᠬᠦᠢᠲᠡᠨ ᠴᠠᠢ ᠪᠠ ᠬᠠᠯᠠᠭᠠᠭᠰᠠᠨ ᠴᠠᠢ ᠥᠭᠬᠦ ᠶᠢ ᠴᠡᠭᠡᠷᠯᠡᠵᠦ᠂ | ᠵᠠᠪᠠᠯ ᠰᠢᠨ᠎ᠡ ᠴᠠᠢ ᠴᠢᠨᠠᠵᠤ ᠦᠭᠳᠡᠭ ᠳᠠᠳᠬᠠᠯ ᠲᠠᠢ᠃ |