ᠰᠦᠨᠢᠳ ᠤᠨ ᠴᠠᠶᠢᠯᠠᠯᠭ᠎ᠠ ᠶᠢᠨ ᠶᠣᠰᠤᠨ
ᠨᠡᠶᠢᠲᠡᠯᠡᠭᠰᠡᠨ ᠴᠠᠭ᠄
2020/6/28
                               ᠴᠠᠭᠠᠨ ᠰᠠᠷ᠎ᠠ ᠶᠢᠨ ᠴᠠᠢ          ᠰᠦᠨᠢᠳ ᠮᠣᠩᠭᠤᠯᠴᠤᠳ ᠰᠢᠨ᠎ᠡ ᠴᠠᠭᠠᠨ ᠰᠠᠷ᠎ᠠ ᠶᠢᠨ ᠤᠯᠠᠮᠵᠢᠯᠠᠯᠲᠤ ᠲᠤᠷᠠᠰᠬᠠᠯ ᠢ ᠲᠡᠮᠲᠡᠭᠯᠡᠬᠦ ᠳᠡᠭᠡᠨ ᠠᠶᠢᠯ ᠪᠣᠯᠭᠠᠨ ᠰᠢᠨ᠎ᠡ ᠶᠢᠨ ᠴᠠᠢ ᠪᠡᠯᠡᠳᠭᠡᠵᠦ ᠢᠷᠡᠭᠰᠡᠨ ᠬᠡᠶᠢᠴᠢᠨ ᠢᠶᠠᠨ ᠬᠦᠨᠳᠦᠯᠡᠨ ᠲᠠᠶᠢᠯᠠᠳᠠᠭ ᠶᠤᠰᠤᠲᠠᠢ᠃ ᠰᠢᠨ᠎ᠡ ᠶᠢᠨ ᠨᠢᠭᠡᠨ ᠳᠤ ᠠᠶᠢᠯ ᠰᠠᠭᠠᠬᠠᠯᠲᠠ ᠪᠠᠷ ᠢᠶᠠᠨ ᠬᠠᠷᠢᠯᠴᠠᠨ ᠠᠶᠢᠯᠴᠢᠯᠠᠵᠤ ᠰᠢᠨ᠎ᠡ ᠶᠢᠨ ᠨᠢᠭᠡᠨ ᠤ ᠪᠠᠶᠠᠷ ᠢ ᠪᠡᠯᠭᠡᠯᠡᠵᠦ ᠴᠠᠢ ᠤᠤᠭᠤᠳᠠᠭ ᠤᠴᠢᠷ ᠠᠴᠠ ᠡᠨᠡ ᠨᠢ ᠨᠢᠭᠡ ᠶᠣᠰᠤᠨ ᠤ ᠰᠢᠨ᠎ᠡ ᠶᠢᠨ ᠴᠠᠶᠢᠯᠠᠯᠭ᠎ᠠ ᠶᠢᠨ ᠶᠣᠰᠤᠭᠠᠷ ᠶᠠᠪᠤᠭᠳᠠᠳᠠᠭ ᠵᠣᠷᠰᠢᠯ ᠲᠠᠢ᠃         ᠰᠢᠨ᠎ᠡ ᠴᠠᠭᠠᠨ ᠰᠠᠷ᠎ᠠ ᠶᠢᠨ ᠬᠤᠭᠤᠴᠠᠭᠠᠨ ᠳᠤ ᠠᠶᠢᠯᠴᠢᠯᠠᠨ ᠢᠷᠡᠭᠰᠡᠨ ᠬᠤᠯᠠ ᠤᠶᠢᠷ᠎ᠠ ᠶᠢᠨ ᠵᠤᠴᠢᠨ ᠬᠡᠶᠢᠴᠢᠨ᠂ ᠲᠥᠷᠦᠯ ᠰᠠᠳᠤᠨ ᠢᠶᠠᠨ ᠵᠤᠴᠢᠯᠠᠬᠤ ᠳᠤ ᠶᠠᠭᠤᠨ ᠤ ᠡᠮᠦᠨ᠎ᠡ ᠰᠢᠨ᠎ᠡ ᠴᠠᠢ ᠴᠢᠨᠠᠵᠤ ᠬᠠᠮᠤᠭ ᠲᠡᠷᠢᠭᠦᠨ ᠳᠤ ᠰᠦ ᠲᠠᠢ ᠴᠠᠢ ᠪᠠᠨ ᠠᠶᠠᠭᠠᠯᠠᠨ ᠥᠭᠴᠦ ᠬᠦᠨᠳᠦᠳᠭᠡᠬᠦ ᠰᠡᠳᠬᠢᠯ ᠢᠶᠠᠨ ᠢᠯᠡᠳᠭᠡᠨ᠎ᠡ᠃ ᠡᠭᠦᠨ ᠤ ᠳᠠᠷᠠᠭ᠎ᠠ ᠰᠠᠶ᠋ᠢ ᠠᠷᠢᠬᠢ ᠰᠠᠷᠬᠤᠳ᠂ ᠢᠳᠡᠭᠡ ᠪᠤᠳᠠᠭ᠎ᠠ᠂ ᠬᠤᠭᠤᠯᠠ ᠵᠤᠭᠤᠰᠢ ᠤᠷᠤᠭᠤᠯᠳᠠᠭ ᠪᠣᠯᠬᠤᠷ ᠴᠠᠭᠠᠨ ᠰᠠᠷ᠎ᠠ ᠶᠢᠨ ᠴᠠᠶᠢᠯᠠᠯᠭ᠎ᠠ ᠪᠣᠯᠳᠠᠭ ᠪᠠᠶᠢᠨ᠎ᠠ᠃         ᠴᠠᠭᠠᠨ ᠰᠠᠷ᠎ᠠ ᠰᠢᠨᠡᠯᠡᠭᠰᠡᠨ ᠤ ᠳᠠᠷᠠᠭ᠎ᠠ ᠮᠦᠨ ᠰᠢᠨ᠎ᠡ ᠶᠢᠨ ᠬᠤᠭᠤᠴᠠᠭᠠᠨ ᠳᠤ ᠠᠶᠢᠯ ᠵᠡᠷᠭᠡᠯᠡᠳᠡᠭᠡ᠂ ᠬᠤᠲᠠ ᠤᠰᠤ ᠰᠠᠭᠠᠬᠠᠯᠲᠠ ᠶᠢᠨ ᠠᠶᠢᠯ ᠤᠳ ᠬᠠᠷᠢᠯᠴᠠᠨ ᠪᠡᠯᠡᠭ ᠰᠡᠯᠳᠡ ᠠᠪᠴᠤ ᠠᠶᠢᠯᠴᠢᠯᠠᠨ᠂ ᠭᠡᠷ ᠭᠡᠷ ᠲᠡᠭᠡᠨ ᠴᠠᠶᠢᠯᠠᠯᠭ᠎ᠠ ᠪᠡᠯᠡᠳᠭᠡᠵᠦ ᠠᠶᠢᠯᠴᠢᠯᠠᠵᠤ ᠢᠷᠡᠭᠰᠡᠨ ᠵᠣᠴᠢᠨ ᠢᠶᠠᠨ ᠬᠦᠨᠳᠦᠳᠭᠡᠨ ᠲᠠᠶᠢᠯᠠᠬᠤ ᠶᠣᠰᠤᠨ ᠢ ᠭᠦᠢᠴᠡᠳᠭᠡᠨ᠎ᠡ᠃ ᠠᠶᠢᠯᠴᠢᠯᠠᠨ ᠢᠷᠡᠭᠰᠡᠨ ᠠᠶᠢᠯ ᠤᠨ ᠬᠦᠮᠦᠰ ᠨᠢ ᠪᠦᠷ ᠭᠠᠷ ᠤᠨ ᠪᠡᠯᠡᠭ ᠲᠠᠢ ᠢᠷᠡᠳᠡᠭ᠃ ᠢᠷᠡᠭᠰᠡᠨ ᠭᠡᠶᠢᠴᠢᠨ ᠠᠶᠢᠯ ᠤᠨ ᠰᠢᠨ᠎ᠡ ᠶᠢᠨ ᠴᠠᠢ ᠶᠢ ᠤᠤᠭᠤᠭᠠᠳ ᠰᠠᠶ᠋ᠢ ᠪᠡᠯᠡᠭ ᠢᠶᠠᠨ ᠭᠠᠷᠭᠠᠵᠤ ᠦᠭᠳᠡᠭ ᠶᠤᠰᠤᠲᠠᠢ᠃ ᠢᠩᠭᠢᠭᠡᠳ ᠠᠷᠢᠬᠢ ᠤᠤᠭᠤᠵᠤ᠂ ᠳᠠᠭᠤᠤ ᠳᠠᠭᠤᠯᠠᠨ᠂ ᠱᠠᠭ᠎ᠠ ᠨᠠᠭᠠᠳᠤᠮ ᠨᠠᠭᠠᠳᠴᠤ ᠨᠠᠶᠢᠷᠯᠠᠳᠠᠭ ᠪᠠᠶᠢᠨ᠎ᠠ᠃         ᠴᠠᠭᠠᠨ ᠰᠠᠷ᠎ᠠ ᠶᠢᠨ ᠴᠠᠶᠢᠯᠠᠯᠭ᠎ᠠ ᠶᠢᠨ ᠬᠤᠭᠤᠯᠠ ᠭᠡᠵᠦ ᠪᠤᠤᠽᠢ ᠵᠢᠩᠨᠡᠵᠦ ᠢᠳᠡᠭᠦᠯᠳᠡᠭ᠃ ᠤᠷᠤᠢ ᠴᠠᠶᠢᠯᠠᠯᠭ᠎ᠠ ᠦᠨᠳᠦᠷᠯᠡᠬᠦ ᠦᠶ᠎ᠡ ᠳᠤ ᠢᠷᠡᠭᠰᠡᠨ ᠵᠤᠴᠢᠨ ᠳᠠᠭᠠᠨ ᠬᠠᠷᠢᠭᠤ ᠪᠡᠯᠡᠭ ᠬᠤᠪᠢᠳᠠᠵᠤ ᠦᠭᠭᠦᠨ᠎ᠡ᠃ ᠢᠷᠡᠭᠰᠡᠨ ᠵᠣᠴᠢᠨ ᠨᠢ ᠶᠠᠪᠤᠬᠤ ᠳᠠᠭᠠᠨ ᠭᠠᠯ ᠳᠤᠨᠢ ᠠᠷᠭᠠᠯ ᠨᠡᠮᠡᠵᠦ ᠡᠨᠡ ᠠᠶᠢᠯ ᠤᠨ ᠦᠭᠡᠳᠡᠯᠡᠨ ᠪᠠᠳᠠᠷᠠᠬᠤ ᠶᠢ ᠪᠡᠯᠭᠡᠳᠡᠵᠦ ᠶᠠᠪᠤᠳᠠᠭ ᠪᠠᠶᠢᠨ᠎ᠠ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号