ᠰᠦᠨᠢᠳ ᠤᠨ ᠱᠠᠭ᠎ᠠ ᠨᠠᠭᠠᠳᠤᠮ — ᠬᠠᠯᠵᠠ ᠬᠠᠷᠪᠤᠬᠤ
ᠨᠡᠶᠢᠲᠡᠯᠡᠭᠰᠡᠨ ᠴᠠᠭ᠄
2020/6/5
          ᠬᠠᠯᠵᠠ ᠬᠠᠷᠪᠤᠬᠤ ︵ᠪᠠᠰᠠ ᠰᠠᠬᠤ ᠬᠠᠷᠪᠤᠵᠤ ᠭᠡᠵᠦ ᠬᠡᠯᠡᠨ᠎ᠡ︶ ᠳᠤ ᠰᠠᠬᠤ ᠭᠡᠵᠦ ᠭᠤᠪᠢᠯ ᠭᠠᠷᠭᠠᠵᠤ ᠬᠢᠭᠰᠡᠨ ᠮᠣᠳᠤ ᠪᠠᠶᠢᠳᠠᠭ᠃ ᠤᠯᠠᠩᠬᠢ ᠳᠠᠭᠠᠨ ᠵᠡᠭᠡᠷ᠎ᠡ ᠶᠢᠨ ᠰᠢᠯᠪᠢ ᠶᠢᠨ ᠶᠠᠰᠤ ᠪᠠᠷ ᠬᠢᠳᠡᠭ᠃ ᠰᠤᠮᠤ ᠶᠢ ᠨᠢ ᠱᠠᠭ᠎ᠠ ᠶᠢ ᠨᠦᠬᠡᠯᠡᠵᠦ ᠳᠤᠳᠤᠷ᠎ᠠ ᠨᠢ ᠳᠤᠭᠤᠯᠭ᠎ᠠ ᠴᠢᠳᠬᠤᠵᠤ ᠬᠢᠨ᠎ᠡ᠃ ᠨᠠᠭᠠᠳᠬᠤ ᠳᠠᠭᠠᠨ ᠱᠠᠭ᠎ᠠ ᠪᠠᠨ ᠡᠭᠦᠳᠡᠨ ᠭᠤᠣᠯ ᠳᠤ ᠵᠡᠷᠭᠡᠴᠡᠭᠦᠯᠬᠦ ᠪᠣᠶᠣ ᠳᠡᠭᠡᠷ᠎ᠡ ᠳᠡᠭᠡᠷ᠎ᠡ ᠨᠢ ᠣᠪᠤᠭᠠᠯᠠᠵᠤ ᠲᠠᠯᠪᠢᠬᠤ᠂ ᠡᠰᠡᠭᠦᠯ᠎ᠡ ᠭᠠᠭᠴᠠ ᠨᠢᠭᠡ ᠲᠠᠯᠪᠢᠭᠠᠳ ᠭᠡᠷ ᠤᠨ ᠢᠶᠠᠨ ᠬᠤᠶᠢᠮᠤᠷ ᠰᠠᠭᠤᠵᠤ ᠰᠠᠬᠤ ᠪᠠᠷ ᠬᠠᠷᠪᠤᠨ᠎ᠠ᠃ ᠬᠠᠷᠪᠤᠬᠤ ᠳᠠᠭᠠᠨ ᠪᠤᠰᠤᠳ ᠱᠠᠭ᠎ᠠ ᠶᠢ ᠬᠠᠳᠠᠯ ᠦᠭᠡᠢ ᠰᠢᠭᠤᠳ ᠨᠢᠭᠡ ᠱᠠᠭ᠎ᠠ ᠶᠢ ᠣᠨᠤᠭᠠᠪᠠᠯ ᠰᠠᠶ᠋ᠢ ᠱᠦᠭᠦᠭᠰᠡᠨ ᠳᠤ ᠲᠤᠭᠠᠴᠠᠨ᠎ᠠ᠃ ᠤᠪᠤᠭᠠᠯᠠᠵᠤ ᠲᠠᠯᠪᠢᠭᠰᠠᠨ ᠱᠠᠭ᠎ᠠ ᠶᠢ ᠤᠨᠠᠭᠠᠯ ᠦᠭᠡᠢ ᠲᠡᠭᠡᠷ᠎ᠡ ᠠᠴᠠ ᠨᠢ ᠨᠢᠭᠡ ᠨᠢᠭᠡ ᠬᠠᠷᠪᠤᠵᠤ ᠤᠨᠠᠭᠠᠪᠠᠯ ᠰᠠᠶ᠋ᠢ ᠱᠦᠭᠦᠭᠰᠡᠨ ᠢᠶᠠᠷ ᠪᠤᠳᠤᠨ᠎ᠠ᠃ ᠡᠨᠡ ᠨᠠᠭᠠᠳᠤᠮ ᠳᠤ ᠨᠠᠰᠤᠨ ᠤ ᠢᠯᠭᠠᠭ᠎ᠠ ᠦᠭᠡᠢ᠂ ᠬᠡᠳᠦᠨ ᠬᠦᠮᠦᠨ ᠨᠠᠭᠠᠳᠤᠭᠰᠠᠨ ᠴᠤ ᠪᠤᠯᠤᠨ᠎ᠠ᠃ ᠬᠤᠶᠠᠷ ᠲᠠᠯ᠎ᠠ ᠬᠤᠪᠢᠶᠠᠵᠤ ᠡᠰᠡᠷᠭᠦᠯᠡᠨ ᠰᠠᠭᠤᠵᠤ ᠡᠰᠡᠷᠭᠦ ᠲᠠᠯ᠎ᠠ ᠶᠢᠨ ᠢᠶᠠᠨ ᠪᠤᠰᠬᠠᠭᠰᠠᠨ ᠱᠠᠭ᠎ᠠ ᠶᠢ ᠬᠠᠷᠪᠤᠵᠤ ᠨᠠᠭᠠᠳᠤᠭᠰᠠᠨ ᠴᠤ ᠪᠤᠯᠤᠨ᠎ᠠ᠃ ᠪᠠᠰᠠ ᠨᠠᠢᠮᠠ ᠶᠢᠰᠦᠨ ᠬᠦᠮᠦᠨ ᠨᠡᠶᠢᠯᠡᠭᠡᠳ ᠪᠤᠰᠬᠠᠵᠤ ᠲᠠᠯᠪᠢᠭᠰᠠᠨ ᠱᠠᠭ᠎ᠠ ᠪᠠᠨ ᠡᠭᠡᠯᠵᠢᠯᠡᠨ ᠬᠠᠷᠪᠤᠵᠤ ᠨᠠᠭᠠᠳᠤᠭᠰᠠᠨ ᠴᠤ ᠪᠤᠯᠤᠨ᠎ᠠ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号