ᠰᠦᠨᠢᠳ ᠤᠨ ᠱᠠᠭ᠎ᠠ ᠨᠠᠭᠠᠳᠤᠮ — ᠭᠡᠬᠦᠦ ᠰᠠᠭᠠᠬᠤ
ᠨᠡᠶᠢᠲᠡᠯᠡᠭᠰᠡᠨ ᠴᠠᠭ᠄
2020/6/5
       ᠰᠦᠨᠢᠳ ᠤᠨ ᠱᠠᠭ᠎ᠠ ᠨᠠᠭᠠᠳᠤᠮ — ᠭᠡᠬᠦᠦ ᠰᠠᠭᠠᠬᠤ        ᠭᠡᠬᠦᠦ ᠰᠠᠭᠠᠬᠤ ᠭᠡᠳᠡᠭ ᠪᠤᠯᠢ ᠬᠤᠶᠠᠷ ᠭᠤᠷᠪᠠᠨ ᠱᠠᠭ᠎ᠠ ᠶᠢ ᠪᠠᠷᠠᠭᠤᠨ ᠭᠠᠷ ᠢᠶᠠᠷ ᠢᠶᠠᠨ ᠳᠡᠭᠡᠭᠰᠢ ᠪᠠᠨ ᠡᠭᠡᠯᠵᠢᠯᠡᠨ ᠬᠠᠶᠠᠵᠤ ᠠᠯᠳᠠᠯ ᠦᠭᠡᠢ ᠰᠤᠯᠪᠢᠴᠠᠭᠤᠯᠤᠨ ᠳᠤᠰᠤᠨ ᠠᠪᠬᠤ ᠨᠠᠭᠠᠳᠤᠮ ᠢ ᠭᠡᠯᠡᠨ᠎ᠡ᠃ ᠪᠤᠯᠪᠠᠰᠤᠷᠠᠩᠭᠤᠢ ᠰᠠᠶᠢᠨ ᠨᠠᠭᠠᠳᠳᠠᠭ ᠬᠦᠮᠦᠨ ᠪᠣᠯ ᠠᠯᠳᠠᠯ ᠦᠭᠡᠢ ᠵᠠᠭᠤ ᠭᠠᠷᠤᠢ ᠤᠳᠠᠭ᠎ᠠ ᠲᠤᠰᠤᠨ ᠠᠪᠴᠤ ᠴᠤ ᠪᠤᠢ᠃ ᠪᠠᠰᠠ ᠬᠤᠶᠠᠷ ᠭᠠᠷ ᠢᠶᠠᠷ ᠢᠶᠠᠨ ᠭᠤᠷᠪᠠᠨ ᠱᠠᠭ᠎ᠠ ᠶᠢ ᠰᠤᠯᠪᠢᠴᠠᠭᠤᠯᠤᠨ ᠰᠢᠳᠡᠵᠦ ᠬᠤᠭᠤᠷᠤᠨᠳᠤ ᠨᠢ ᠮᠦᠷᠭᠦᠯᠳᠦᠭᠦᠯᠬᠦ ᠦᠭᠡᠢ ᠤᠯᠠᠨᠲᠠ ᠰᠢᠳᠡᠵᠦ ᠨᠠᠭᠠᠳᠬᠤ ᠴᠤ ᠪᠤᠢ᠃ ᠵᠠᠷᠢᠮ ᠭᠠᠵᠠᠷ ᠡᠨᠡ ᠨᠠᠭᠠᠳᠤᠮ ᠢ ᠤᠷᠤᠯᠳᠤᠵᠤ ᠨᠠᠭᠠᠳᠳᠠᠭ ᠦᠭᠡᠢ ᠪᠠᠶᠢᠬᠤ ᠳᠤ ᠰᠦᠨᠢᠳ ᠲᠤ ᠬᠠᠷᠢᠨ ᠤᠷᠤᠯᠳᠤᠵᠤ ᠨᠠᠭᠠᠳᠳᠠᠭ᠃        ᠰᠦᠨᠢᠳ ᠤᠨ ᠱᠠᠭ᠎ᠠ ᠨᠠᠭᠠᠳᠤᠮ — ᠬᠤᠨᠢ ᠬᠤᠯᠪᠤᠬᠤᠡᠨᠡ ᠨᠠᠭᠠᠳᠤᠮ ᠢ ᠭᠤᠣᠯᠳᠠᠭᠤ ᠬᠡᠦᠬᠡᠳ ᠪᠠᠭᠠᠴᠤᠳ ᠨᠠᠭᠠᠳᠳᠠᠭ᠃ ᠬᠡᠦᠬᠡᠳ ᠤᠨ ᠨᠠᠭᠠᠳᠬᠤ ᠳᠠᠭᠠᠨ ᠤᠯᠠᠨ ᠱᠠᠭ᠎ᠠ ᠶᠢ ᠬᠤᠨᠢᠨ ᠲᠠᠯ᠎ᠠ ᠪᠠᠷ ᠨᠢ ᠪᠤᠰᠬᠠᠭᠠᠳ ᠬᠤᠭᠤᠷᠤᠨᠳᠤ ᠨᠢ ᠮᠦᠷᠭᠦᠯᠳᠦᠭᠦᠯᠦᠨ ᠲᠠᠯᠪᠢᠵᠤ ᠬᠤᠨᠢ ᠰᠠᠭᠠᠵᠤ ᠪᠠᠶᠢᠨ᠎ᠠ ᠭᠡᠵᠦ ᠬᠦᠭᠡᠷᠦᠯᠳᠦᠨ ᠨᠠᠭᠠᠳᠤᠨ᠎ᠠ᠃ᠡᠬᠡ ᠪᠤᠯᠤᠭᠰᠠᠨ ᠬᠦᠮᠦᠨ ᠬᠡᠦᠬᠡᠳ ᠲᠡᠭᠡᠨ ᠬᠠᠷ᠎ᠠ ᠪᠠᠭ᠎ᠠ ᠠᠴᠠ ᠨᠢ ᠠᠵᠢᠯ ᠰᠤᠷᠭᠠᠬᠤ ᠵᠤᠷᠢᠯᠭ᠎ᠠ ᠪᠠᠷ ᠬᠤᠨᠢ ᠬᠤᠯᠪᠤᠨ ᠰᠠᠭᠠᠬᠤ ᠨᠠᠭᠠᠳᠤᠮ ᠨᠠᠭᠠᠳᠤᠭᠤᠯᠳᠠᠭ ᠠᠵᠠᠢ᠃        ᠰᠦᠨᠢᠳ ᠤᠨ ᠱᠠᠭ᠎ᠠ ᠨᠠᠭᠠᠳᠤᠮ — ᠠᠶᠠᠨ ᠬᠢᠬᠦᠬᠡᠦᠬᠡᠳ ᠤᠳ ᠠᠶᠠᠨ ᠬᠢᠵᠦ ᠨᠠᠭᠠᠳᠬᠤ ᠳᠠᠭᠠᠨ ᠤᠯᠠᠨ ᠱᠠᠭ᠎ᠠ ᠶᠢ ᠲᠡᠮᠡᠭᠡᠨ ᠲᠠᠯ᠎ᠠ ᠪᠠᠷ ᠨᠢ ᠪᠤᠰᠬᠠᠵᠤ ᠴᠤᠪᠤᠷᠠᠭᠤᠯᠤᠨ ᠲᠠᠯᠪᠢᠭᠠᠳ ᠳᠡᠭᠡᠷ᠎ᠡ ᠨᠢ ᠮᠠᠯ ᠤᠨ ᠰᠢᠯᠪᠢ ᠶᠢᠨ ᠦᠵᠦᠭᠦᠷ ᠲᠠᠬᠢ ᠳᠦᠷᠪᠡᠯᠵᠢᠨ ᠵᠢᠵᠢᠭ ᠶᠠᠰᠤ ᠶᠢ ᠰᠠᠯᠭᠠᠨ ᠠᠪᠴᠤ ᠤᠲᠠᠰᠤ ᠪᠠᠷ ᠬᠤᠯᠪᠤᠨ ᠠᠷᠭᠠᠯ ᠤᠨ ᠳᠦᠷᠪᠡᠯᠵᠢ ᠭᠡᠮᠡᠨ ᠲᠤᠬᠤᠭᠠᠳ ᠠᠶᠠᠨ ᠳᠤ ᠶᠠᠪᠤᠵᠤ ᠪᠠᠶᠢᠨ᠎ᠠ ᠭᠡᠬᠦ ᠪᠣᠶᠤ ᠡᠰᠡᠭᠦᠯ᠎ᠡ ᠠᠷᠭᠠᠯ ᠬᠢᠬᠦ ᠡᠰᠡᠭᠦᠯ᠎ᠡ ᠠᠷᠭᠠᠯ ᠲᠡᠭᠦᠵᠦ ᠪᠠᠶᠢᠨ᠎ᠠ ᠭᠡᠵᠦ ᠨᠠᠭᠠᠳᠳᠠᠭ᠃ ᠡᠨᠡ ᠨᠢ ᠠᠶᠠᠨ ᠳᠤ ᠬᠤᠯᠠ ᠶᠠᠪᠤᠭᠰᠠᠨ ᠬᠠᠶᠢᠷᠠᠲᠤ ᠡᠴᠢᠬᠡ ᠪᠤᠯᠤᠨ ᠬᠠᠮᠢᠶᠠᠲᠠᠨ ᠰᠠᠳᠤᠨ ᠢᠶᠠᠨ ᠮᠦᠷᠦᠭᠡᠳᠬᠦ ᠪᠠᠷ ᠭᠤᠣᠯ ᠠᠭᠤᠯᠭ᠎ᠠ ᠪᠤᠯᠭᠠᠭᠰᠠᠨ ᠬᠡᠦᠬᠡᠳ ᠤᠨ ᠨᠠᠭᠠᠳᠤᠮ ᠪᠤᠯᠤᠨ᠎ᠠ᠃        ᠰᠦᠨᠢᠳ ᠤᠨ ᠱᠠᠭ᠎ᠠ ᠨᠠᠭᠠᠳᠤᠮ — ᠠᠷᠪᠠᠨ ᠬᠤᠶᠠᠷ ᠵᠢᠯ ᠬᠠᠶᠠᠬᠤ        ᠡᠨᠡ ᠨᠠᠭᠠᠳᠤᠮ ᠢ ᠬᠡᠳᠦᠨ ᠬᠦᠮᠦᠨ ᠨᠠᠭᠠᠳᠤᠭᠰᠠᠨ ᠴᠤ ᠪᠦᠷ ᠪᠤᠯᠤᠨ᠎ᠠ᠃ ᠨᠠᠭᠠᠳᠬᠤ ᠳᠠᠭᠠᠨ ᠠᠷᠪᠠᠨ ᠬᠤᠶᠠᠷ ᠱᠠᠭ᠎ᠠ ᠰᠢᠯᠢᠨ ᠠᠪᠴᠤ ᠬᠤᠯᠤᠭᠠᠨ᠎ᠠ ᠵᠢᠯ ᠠᠴᠠ ᠡᠬᠢᠯᠡᠨ ᠨᠢᠭᠡ ᠨᠢᠭᠡ ᠪᠠᠷ ᠠᠷᠪᠠᠨ ᠬᠤᠶᠠᠷ ᠤᠳᠠᠭ᠎ᠠ ᠬᠠᠶᠠᠭᠠᠳ ᠮᠣᠷᠢ ᠪᠤᠰᠬᠠᠵᠤ ᠴᠢᠳᠠᠪᠠᠯ ᠠᠷᠪᠠᠨ ᠬᠤᠶᠠᠷ ᠵᠢᠯ ᠢ ᠪᠠᠭᠳᠠᠭᠠᠭᠰᠠᠨ ᠭᠡᠳ ᠱᠦᠭᠦᠵᠦ᠂ ᠪᠡᠯᠭᠡ ᠳᠡᠮᠪᠡᠷᠢᠯ  ᠲᠠᠢ ᠭᠡᠵᠦ ᠦᠵᠡᠨ᠎ᠡ᠃ ᠵᠢᠯ ᠤᠷᠤᠵᠤ ᠪᠠᠶᠢᠬᠤ ᠬᠦᠮᠦᠨ ᠵᠢᠯ ᠴᠠᠭᠠᠨ ᠰᠠᠷ᠎ᠠ ᠳᠤ ᠵᠠᠪᠠᠯ ᠠᠷᠪᠠᠨ ᠬᠤᠶᠠᠷ ᠵᠢᠯ ᠬᠠᠶᠠᠵᠤ ᠨᠠᠭᠠᠳᠬᠤ ᠵᠠᠩᠰᠢᠯ ᠰᠦᠨᠢᠳ ᠨᠤᠲᠤᠭ ᠲᠤ ᠶᠡᠭᠡ ᠳᠡᠭᠡᠷ᠎ᠡ ᠦᠶ᠎ᠡ ᠠᠴᠠ ᠪᠠᠶᠢᠵᠠᠢ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号