ᠰᠦᠨᠢᠳ ᠤᠨ ᠱᠠᠭ᠎ᠠ ᠨᠠᠭᠠᠳᠤᠮ — ᠪᠤᠩ ᠴᠡᠭ ᠬᠠᠷᠪᠤᠬᠤ
ᠨᠡᠶᠢᠲᠡᠯᠡᠭᠰᠡᠨ ᠴᠠᠭ᠄
2020/6/5
        ᠰᠦᠨᠢᠳ ᠤᠨ ᠱᠠᠭ᠎ᠠ ᠨᠠᠭᠠᠳᠤᠮ — ᠪᠤᠩ ᠴᠡᠭ ᠬᠠᠷᠪᠤᠬᠤ        ᠡᠨᠡ ᠨᠠᠭᠠᠳᠤᠮ ᠢ ︵ᠪᠠᠰᠠ ᠱᠠᠭ᠎ᠠ ᠨᠢᠰᠠᠯᠠᠬᠤ ᠭᠡᠨ᠎ᠡ︶ ᠭᠠᠭᠴᠠ ᠬᠦᠮᠦᠨ ᠴᠤ ᠨᠠᠭᠠᠳᠴᠤ ᠪᠤᠯᠤᠨ᠎ᠠ᠃ ᠬᠡᠷᠪᠡ ᠤᠷᠤᠯᠳᠤᠨ ᠨᠠᠭᠠᠳᠬᠤ ᠳᠤ ᠬᠦᠷᠪᠡᠯ ᠬᠤᠶᠠᠷ ᠠᠴᠠ ᠳᠡᠭᠡᠭᠰᠢ ᠬᠦᠮᠦᠨ ᠠᠳᠠᠯᠢ ᠲᠤᠭ᠎ᠠ ᠲᠠᠢ ᠱᠠᠭ᠎ᠠ ᠬᠤᠪᠢᠳᠠᠨ ᠠᠪᠴᠤ ᠲᠤᠭᠤᠷᠢᠨ ᠰᠠᠭᠤᠵᠤ ᠡᠭᠡᠯᠵᠢᠯᠡᠨ ᠨᠠᠭᠠᠳᠳᠠᠭ ᠪᠠᠶᠢᠨ᠎ᠠ᠃ ᠪᠤᠩ ᠴᠡᠭ ᠬᠠᠷᠪᠤᠬᠤ ᠳᠠᠭᠠᠨ ᠠᠳᠠᠯᠢ ᠲᠣᠭᠠᠨ ᠤ ᠱᠠᠭ᠎ᠠ ᠪᠠᠨ ᠡᠭᠡᠯᠵᠢᠯᠡᠨ ᠬᠠᠶᠠᠵᠤ᠂ ᠮᠣᠷᠢ ᠪᠤᠰᠪᠠᠯ ᠬᠠᠷᠪᠤᠯ ᠦᠭᠡᠢ ᠠᠪᠴᠤ ᠳᠠᠷᠠᠭ᠎ᠠ ᠨᠢ ᠬᠤᠨᠢ ᠶᠢ ᠨᠢ ᠬᠤᠨᠢ ᠲᠠᠢ᠂ ᠢᠮᠠᠭ᠎ᠠ ᠶᠢ ᠨᠢ ᠢᠮᠠᠭ᠎ᠠ ᠲᠠᠢ᠂ ᠲᠡᠮᠡᠭᠡ ᠶᠢ ᠨᠢ ᠲᠡᠮᠡᠭᠡ ᠲᠠᠢ ᠪᠤᠰᠤᠳ ᠱᠠᠭ᠎ᠠ ᠶᠢ ᠬᠦᠳᠡᠯᠭᠡᠯ ᠦᠭᠡᠢ ᠪᠠᠷ ᠨᠢᠰᠠᠯᠤᠨ ᠤᠨᠤᠭᠠᠵᠤ᠂ ᠠᠯᠢ ᠠᠰᠢᠭ ᠲᠠᠢ ᠭᠡᠰᠡᠨ ᠢᠶᠠᠨ ᠦᠯᠡᠳᠡᠭᠡᠵᠦ ᠨᠢᠭᠡ ᠶᠢ ᠨᠢ ᠠᠪᠤᠨ᠎ᠠ᠃ ᠡᠨᠡ ᠮᠡᠲᠦ ᠪᠠᠷ ᠳᠡᠰ ᠳᠠᠷᠠᠭ᠎ᠠ ᠲᠠᠢ ᠡᠭᠡᠯᠵᠢᠯᠡᠨ ᠨᠠᠭᠠᠳᠳᠠᠭ ᠪᠠᠶᠢᠨ᠎ᠠ᠃ ᠢᠩᠬᠢᠭᠡᠳ ᠬᠤᠪᠢᠳᠠᠭᠰᠠᠨ ᠱᠠᠭ᠎ᠠ ᠪᠠᠨ ᠬᠠᠶᠠᠵᠤ ᠪᠠᠷᠠᠪᠠᠯ ᠬᠦᠮᠦᠨ ᠪᠦᠬᠦᠨ ᠦᠪᠡᠷ ᠤᠨ ᠤᠯᠤᠭᠰᠠᠨ ᠱᠠᠭ᠎ᠠ ᠠᠴᠠ ᠪᠠᠨ ᠠᠳᠠᠯᠢ ᠲᠤᠭ᠎ᠠ ᠲᠠᠢ ᠱᠠᠭ᠎ᠠ ᠭᠠᠷᠭᠠᠵᠤ ᠡᠭᠡᠯᠵᠢᠶ᠎ᠡ ᠪᠠᠷ ᠬᠠᠶᠠᠵᠤ ᠨᠠᠭᠠᠳᠤᠨ᠎ᠠ᠃ ᠬᠡᠷᠪᠡ ᠭᠤᠷᠪᠠ ᠠᠴᠠ ᠳᠡᠭᠡᠭᠰᠢ ᠠᠳᠠᠯᠢ ᠲᠤᠭ᠎ᠠ ᠪᠤᠰᠪᠠᠯ ᠪᠤᠯᠢᠶᠠᠯᠳᠤᠵᠤ ᠠᠪᠤᠨ᠎ᠠ᠃ ᠭᠡᠬᠦ ᠳᠡᠭᠡᠨ ᠮᠣᠷᠢ ᠶᠢ ᠪᠤᠯᠢᠶᠠᠳᠠᠭ ᠦᠭᠡᠢ᠃ ᠬᠡᠨ ᠨᠢ ᠴᠤ ᠭᠡᠰᠡᠨ ᠱᠠᠭ᠎ᠠ ᠪᠠᠨ ᠬᠠᠷᠪᠤᠭᠠᠳ ᠤᠨᠤᠭᠠᠭᠰᠠᠨ ᠦᠭᠡᠢ ᠪᠣᠯ ᠪᠤᠰᠤᠳ ᠨᠢ ᠵᠠᠯᠭᠠᠵᠤ ᠨᠠᠭᠠᠳᠤᠨ᠎ᠠ᠃ ᠬᠡᠷᠪᠡ ᠭᠠᠭᠴᠠ ᠦᠯᠡᠳᠡᠪᠡᠯ ᠬᠡᠨ ᠳᠤ ᠮᠣᠷᠢ ᠪᠤᠰᠪᠠᠯ ᠲᠡᠷᠡ ᠨᠢ ᠠᠪᠴᠤ ᠳᠠᠷᠠᠭ᠎ᠠ ᠤᠳᠠᠭ᠎ᠠ ᠶᠢᠨ ᠡᠬᠢᠯᠡᠯᠲᠡ ᠳᠤ ᠤᠷᠢᠳ ᠢᠶᠠᠷ ᠱᠠᠭ᠎ᠠ ᠬᠠᠶᠠᠬᠤ ᠡᠷᠬᠡ ᠲᠠᠢ ᠪᠤᠯᠤᠨ᠎ᠠ᠃        ᠪᠤᠩ ᠴᠡᠭ ᠬᠠᠶᠠᠬᠤ ᠳᠤ ᠤᠯᠠᠨ ᠶᠣᠰᠤᠲᠠᠢ᠃ ᠲᠤᠬᠠᠶᠢᠯᠠᠪᠠᠯ᠂ ᠱᠠᠭ᠎ᠠ ᠬᠠᠶᠠᠭᠰᠠᠨ ᠪᠠᠷᠠᠭᠤᠨ ᠭᠠᠷ ᠢᠶᠠᠷ ᠢᠶᠠᠨ ᠬᠠᠷᠪᠤᠭᠰᠠᠨ ᠱᠠᠭ᠎ᠠ ᠪᠠᠨ ᠠᠪᠴᠤ ᠪᠤᠯᠠᠬᠤ ᠦᠭᠡᠢ᠃ ᠱᠠᠭ᠎ᠠ ᠪᠠᠨ ᠬᠦᠨᠳᠡᠵᠦ ᠪᠤᠯᠬᠤ ᠦᠭᠡᠢ᠃ ᠱᠠᠭ᠎ᠠ ᠲᠠᠢ ᠭᠠᠷ ᠢᠶᠠᠷ ᠢᠶᠠᠨ ᠠᠪᠴᠤ ᠪᠣᠯᠬᠤ ᠦᠭᠡᠢ᠃ ᠲᠤᠯᠭᠠᠰᠠᠭ᠎ᠠ ᠱᠠᠭ᠎ᠠ ᠲᠠᠢ ᠪᠣᠯ ︵ᠱᠠᠭ᠎ᠠ ᠨᠢ ᠳᠡᠭᠡᠷ᠎ᠡ ᠳᠡᠭᠡᠷ᠎ᠡ ᠪᠠᠨ ᠤᠪᠤᠭᠠᠷᠠᠯᠳᠤᠭᠰᠠᠨ ᠪᠣᠶᠤ ᠬᠠᠷᠢᠯᠴᠠᠨ ᠵᠠᠢ ᠵᠠᠪᠰᠠᠷ ᠦᠭᠡᠢ ᠪᠥᠭᠡᠮᠨᠡᠷᠡᠨ ᠨᠡᠶᠢᠯᠡᠯᠳᠦᠭᠰᠡᠨ ᠢ ᠬᠡᠯᠡᠨ᠎ᠡ︶ ᠠᠪᠴᠤ ᠪᠤᠯᠬᠤ ᠦᠭᠡᠢ᠂ ᠵᠠᠰᠠᠵᠤ ᠪᠣᠯᠬᠤ ᠦᠭᠡᠢ᠃ ᠨᠠᠭᠠᠳᠤᠮ ᠳᠤ ᠤᠷᠤᠯᠴᠠᠭᠰᠠᠨ ᠬᠦᠮᠦᠰ ᠡᠳᠡᠭᠡᠷ ᠲᠦᠷᠢᠮᠦ ᠶᠣᠰᠤ ᠶᠢ ᠵᠠᠪᠠᠯ ᠡᠷᠬᠢᠮᠯᠡᠨ ᠰᠠᠬᠢᠬᠤ ᠬᠡᠷᠡᠭᠲᠡᠢ ᠪᠠᠶᠢᠳᠠᠭ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号