ᠰᠦᠨᠢᠳ ᠤᠨ ᠱᠠᠭ᠎ᠠ ᠨᠠᠭᠠᠳᠤᠮ — ᠦᠬᠡᠷ ᠮᠦᠷᠭᠦᠯᠳᠦᠭᠦᠯᠬᠦ
ᠨᠡᠶᠢᠲᠡᠯᠡᠭᠰᠡᠨ ᠴᠠᠭ᠄
2020/6/5
       ᠰᠦᠨᠢᠳ ᠤᠨ ᠱᠠᠭ᠎ᠠ ᠨᠠᠭᠠᠳᠤᠮ — ᠦᠬᠡᠷ ᠮᠦᠷᠭᠦᠯᠳᠦᠭᠦᠯᠬᠦ        ᠦᠬᠡᠷ ᠮᠦᠷᠭᠦᠯᠳᠦᠭᠦᠯᠬᠦ ᠲᠣᠭᠯᠠᠭᠠᠮ ᠪᠣᠯ ᠬᠤᠶᠠᠷ ᠠᠴᠠ ᠳᠡᠭᠡᠭᠰᠢ ᠬᠦᠮᠦᠨ ᠪᠦᠷ ᠨᠠᠭᠠᠳᠴᠤ ᠪᠣᠯᠣᠨ᠎ᠠ᠃ ᠲᠣᠭᠯᠠᠭᠠᠮ ᠳᠤ ᠤᠷᠤᠯᠴᠠᠭᠰᠠᠨ ᠬᠦᠮᠦᠨ ᠪᠣᠯᠭᠠᠨ ᠨᠢᠭᠡ ᠱᠠᠭ᠎ᠠ ᠳᠤ ᠲᠡᠮᠲᠡᠭ ᠲᠠᠯᠪᠢᠵᠤ ᠦᠬᠡᠷ ᠮᠦᠷᠭᠦᠯᠳᠦᠭᠦᠯᠬᠦ ᠳᠤ ᠤᠷᠤᠯᠴᠠᠭᠤᠯᠤᠨ᠎ᠠ᠃ ᠢᠩᠬᠢᠭᠡᠳ ᠨᠠᠭᠠᠳᠤᠮ ᠳᠤ ᠤᠷᠤᠯᠴᠠᠭᠰᠠᠨ ᠬᠦᠮᠦᠨ ᠨᠢ ᠲᠡᠮᠲᠡᠭ ᠲᠠᠯᠪᠢᠭᠰᠠᠨ ᠱᠠᠭ᠎ᠠ ᠪᠠᠨ ᠪᠦᠬᠡ ᠶᠢᠨ ᠮᠠᠶ᠋ᠢᠭ ᠢᠶᠠᠷ ᠬᠤᠶᠠᠷ ᠬᠤᠶᠠᠷ ᠲᠤ ᠬᠤᠣᠰ ᠢᠶᠠᠷ ᠡᠭᠡᠯᠵᠢᠯᠡᠨ ᠬᠠᠶᠠᠬᠤ ᠳᠤ ᠬᠤᠶᠠᠷ ᠦᠬᠡᠷ ᠪᠤᠰᠪᠠᠯ ᠬᠠᠶᠠᠨ ᠪᠤᠯᠤᠯ᠎ᠠ ᠭᠡᠵᠦ ᠲᠠᠬᠢᠵᠤ ᠬᠠᠶᠠᠬᠤ ᠠᠴᠠ ᠭᠠᠳᠠᠨ᠎ᠠ᠂ ᠨᠢᠭᠡ ᠦᠬᠡᠷ ᠨᠢᠭᠡ ᠬᠤᠨᠢ ᠪᠤᠶᠤ ᠨᠢᠭᠡ ᠦᠬᠡᠷ ᠨᠢᠭᠡ ᠲᠡᠮᠡᠭᠡ ᠡᠰᠡᠭᠦᠯ᠎ᠡ ᠨᠢᠭᠡ ᠦᠬᠡᠷ ᠨᠢᠭᠡ ᠮᠣᠷᠢ ᠪᠤᠰᠪᠠᠯ ᠪᠦᠷ ᠦᠬᠡᠷ ᠨᠢ ᠲᠠᠶᠢᠯᠵᠤ ᠢᠯᠠᠯᠲᠠ ᠤᠯᠤᠭᠰᠠᠨ ᠢᠶᠠᠷ ᠪᠤᠳᠤᠨ᠎ᠠ᠃ ᠮᠦᠷᠭᠦᠯᠳᠦᠵᠤ ᠳᠡᠶᠢᠯᠦᠭᠰᠡᠨ ᠦᠬᠡᠷ ᠢᠶᠠᠨ ᠲᠠᠬᠢᠵᠤ ᠬᠤᠶᠠᠷ ᠬᠤᠶᠠᠷ ᠬᠤᠣᠰ ᠢᠶᠠᠷ ᠮᠦᠷᠭᠦᠯᠳᠦᠭᠦᠯᠵᠦ᠂ ᠬᠡᠨ ᠤ ᠬᠢᠨᠢ ᠦᠬᠡᠷ ᠪᠦᠭᠦᠳᠡ ᠶᠢ ᠳᠡᠶᠢᠯᠪᠡᠯ ᠰᠠᠶ᠋ᠢ ᠱᠦᠭᠦᠯᠲᠡ ᠪᠠᠨ ᠣᠯᠤᠨ᠎ᠠ᠃ ᠪᠠᠰᠠ ᠮᠦᠷᠭᠦᠯᠳᠦᠭᠦᠯᠦᠭᠡᠳ ᠳᠡᠶᠢᠯᠦᠭᠳᠡᠭᠰᠡᠨ ᠦᠬᠡᠷ ᠢᠶᠠᠨ ᠪᠠᠰᠠ ᠬᠤᠭᠤᠷᠤᠨᠳᠤ ᠨᠢ ᠮᠦᠷᠭᠦᠯᠳᠦᠭᠦᠯᠵᠦ ᠨᠠᠭᠠᠳᠬᠤ ᠴᠤ ᠪᠣᠢ᠃ ᠡᠨᠡ ᠨᠠᠭᠠᠳᠤᠮ ᠢ ᠬᠡᠦᠬᠡᠳ ᠪᠠᠭᠠᠴᠤᠳ ᠨᠠᠭᠠᠳᠬᠤ ᠨᠢ ᠤᠯᠠᠨ᠃        ᠰᠦᠨᠢᠳ ᠤᠨ ᠱᠠᠭ᠎ᠠ ᠨᠠᠭᠠᠳᠤᠮ — ᠮᠣᠷᠢ ᠬᠠᠶᠠᠬᠤ        ᠮᠣᠷᠢ ᠬᠠᠶᠠᠬᠤ ᠨᠠᠭᠠᠳᠬᠤ ᠲᠤᠭᠯᠠᠭᠠᠮ ᠪᠣᠯ ᠡᠩ ᠤᠨ ᠴᠠᠭ ᠲᠠᠭᠠᠨ ᠨᠠᠭᠠᠳᠬᠤ ᠨᠢᠭᠡ ᠵᠦᠢᠯ ᠤᠨ ᠨᠡᠶᠢᠳᠡᠮ ᠤᠨ ᠴᠢᠨᠠᠷᠲᠠᠢ ᠲᠣᠭᠯᠠᠭᠠᠮ ᠶᠤᠮ᠃ ᠡᠩ ᠤᠨ ᠴᠠᠭ ᠲᠤ ᠴᠢᠯᠦᠭᠡ ᠲᠠᠢ ᠪᠣᠯ ᠱᠠᠭ᠎ᠠ ᠪᠠᠷ ᠮᠣᠷᠢ ᠬᠠᠶᠠᠵᠤ ᠨᠠᠭᠠᠳᠳᠠᠭ᠃ ᠡᠨᠡ ᠲᠣᠭᠯᠠᠭᠠᠮ ᠳᠤ ᠬᠡᠳᠦᠢ ᠬᠦᠮᠦᠨ ᠤᠷᠤᠯᠴᠠᠭᠰᠠᠨ ᠴᠤ ᠪᠦᠷ ᠪᠤᠯᠤᠨ᠎ᠠ᠃ ᠱᠠᠭ᠎ᠠ ᠨᠢ ᠤᠯᠠᠨ ᠴᠦᠬᠡᠨ ᠪᠦᠷ ᠪᠠᠶᠢᠵᠤ ᠪᠤᠯᠤᠨ᠎ᠠ᠃ ᠨᠠᠭᠠᠳᠤᠮ ᠳᠤ ᠤᠷᠤᠯᠴᠠᠭᠰᠠᠨ ᠬᠦᠮᠦᠰ ᠱᠠᠭ᠎ᠠ ᠶᠢ ᠡᠭᠡᠯᠵᠢ ᠵᠢᠷᠤᠮ ᠲᠠᠢ ᠡᠭᠡᠯᠵᠢᠯᠡᠨ ᠬᠠᠶᠠᠵᠤ᠂ ᠮᠣᠷᠢ ᠪᠤᠰᠪᠠᠯ ᠠᠪᠴᠤ ᠡᠭᠡᠯᠵᠢᠯᠡᠨ ᠬᠠᠶᠠᠨ᠎ᠠ᠃ ᠬᠡᠨ ᠤ ᠬᠢᠨᠢ ᠠᠪᠤᠭᠰᠠᠨ ᠮᠣᠷᠢ ᠤᠯᠠᠨ ᠪᠣᠯ ᠲᠡᠷᠡ ᠱᠦᠭᠦᠨ᠎ᠡ᠃ ᠢᠩᠭᠢᠵᠦ ᠡᠭᠡᠯᠵᠢᠯᠡᠨ ᠨᠠᠭᠠᠳᠤᠨ᠎ᠠ᠃ ᠨᠠᠰᠤᠲᠠᠢ᠂ ᠢᠳᠡᠷ ᠵᠠᠯᠠᠭᠤ ᠪᠠᠭᠠᠴᠤᠳ ᠪᠦᠷ ᠨᠠᠭᠠᠳᠳᠠᠭ ᠃ ᠰᠦᠨᠢᠳ ᠲᠤ ᠵᠤᠨ ᠤ ᠴᠠᠭ ᠱᠠᠭ᠎ᠠ ᠨᠠᠭᠠᠳᠬᠤ ᠶᠢ ᠴᠡᠭᠡᠷᠯᠡᠬᠦ ᠵᠠᠩᠰᠢᠯ ᠡᠷᠲᠡ ᠳᠡᠭᠡᠨ ᠪᠠᠶᠢᠭᠰᠠᠨ ᠭᠡᠵᠦ ᠨᠤᠳᠤᠭ ᠤᠨ ᠪᠤᠭᠤᠷᠤᠯᠴᠤᠳ ᠬᠡᠯᠡᠵᠦ ᠪᠠᠶᠢᠨ᠎ᠠ᠃ ᠪᠠᠰᠠ ᠨᠠᠭᠠᠳᠤᠮ ᠳᠤ ᠤᠷᠤᠯᠴᠠᠭᠰᠠᠨ ᠬᠦᠮᠦᠰ ᠲᠤᠰ ᠪᠦᠷᠢ ᠨᠢᠭᠡ ᠵᠠᠰᠠᠭᠰᠠᠨ ᠱᠠᠭ᠎ᠠ ᠳᠤ ᠲᠡᠮᠲᠡᠭ ᠲᠠᠯᠪᠢᠵᠤ ᠡᠭᠡᠯᠵᠢᠯᠡᠨ ᠳᠡᠰ ᠳᠠᠷᠠᠭ᠎ᠠ ᠲᠠᠢ ᠬᠠᠶᠠᠵᠤ᠂ ᠬᠡᠨ ᠤ ᠬᠢᠨᠢ ᠲᠡᠮᠲᠡᠭ ᠲᠠᠢ ᠱᠠᠭ᠎ᠠ ᠲᠡᠷᠢᠭᠦᠨ ᠳᠤ ᠪᠤᠰᠪᠠᠯ ᠲᠡᠷᠡ ᠨᠢ ᠳᠡᠷᠢᠭᠦᠯᠦᠭᠰᠡᠨ ᠢᠶᠠᠷ ᠪᠤᠳᠤᠨ᠎ᠠ᠃ ᠢᠩᠭᠢᠵᠦ ᠳᠡᠰ ᠳᠠᠷᠠᠭ᠎ᠠ ᠲᠠᠢ ᠬᠠᠶᠠᠵᠤ ᠨᠠᠭᠠᠳᠬᠤ ᠶᠢ ᠴᠤ ᠪᠠᠰᠠ ᠮᠣᠷᠢ ᠬᠠᠶᠠᠵᠤ ᠨᠠᠭᠠᠳᠤᠨ᠎ᠠ ᠬᠡᠵᠦ ᠬᠡᠯᠡᠳᠡᠭ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号