ᠰᠦᠨᠢᠳ ᠤᠨ ᠱᠠᠭ᠎ᠠ ᠨᠠᠭᠠᠳᠤᠮ — ᠭᠤᠷᠪᠠᠨ ᠪᠡᠷᠬᠡ ᠬᠠᠶᠠᠬᠤ
ᠨᠡᠶᠢᠲᠡᠯᠡᠭᠰᠡᠨ ᠴᠠᠭ᠄
2020/6/5
       ᠰᠦᠨᠢᠳ ᠤᠨ ᠱᠠᠭ᠎ᠠ ᠨᠠᠭᠠᠳᠤᠮ — ᠭᠤᠷᠪᠠᠨ ᠪᠡᠷᠬᠡ ᠬᠠᠶᠠᠬᠤ        ᠭᠤᠷᠪᠠᠨ ᠪᠡᠷᠬᠡ ᠬᠠᠶᠠᠬᠤ ᠲᠣᠭᠯᠠᠭᠠᠮ ᠪᠣᠯ ᠠᠵᠠ ᠰᠢᠨᠵᠢᠬᠦ ᠠᠭᠤᠯᠭ᠎ᠠ ᠲᠠᠢ᠃ ᠬᠡᠳᠦᠨ ᠬᠦᠮᠦᠨ ᠴᠤ ᠨᠠᠭᠠᠳᠴᠤ ᠪᠣᠯᠳᠠᠭ᠃ ᠲᠣᠭᠯᠠᠭᠠᠮ ᠳᠤ ᠤᠷᠤᠯᠴᠠᠭᠰᠠᠨ ᠬᠦᠮᠦᠨ ᠭᠤᠷᠪᠠᠨ ᠱᠠᠭ᠎ᠠ ᠪᠠᠷ ᠨᠠᠭᠠᠳᠤᠨ᠎ᠠ᠃ ᠬᠡᠨ ᠨᠢ ᠤᠷᠢᠳ ᠢᠶᠠᠷ ᠭᠤᠷᠪᠠᠨ ᠪᠡᠷᠬᠡ ᠪᠠᠭᠤᠯᠭᠠᠪᠠᠯ ᠳᠠᠷᠣᠢ ᠠᠵᠠ ᠲᠠᠢ ᠭᠡᠬᠦ ᠪᠣᠶᠤ ᠱᠦᠭᠦᠨ᠎ᠡ᠃ ᠭᠤᠷᠪᠠᠨ ᠪᠡᠷᠬᠡ ᠨᠢ ᠨᠢᠭᠡ ᠮᠣᠷᠢ᠂ ᠨᠢᠭᠡ ᠬᠤᠨᠢ᠂ ᠨᠢᠭᠡ ᠲᠡᠮᠡᠭᠡ ᠡᠰᠡᠭᠦᠯ᠎ᠡ ᠨᠢᠭᠡ ᠲᠡᠮᠡᠭᠡ᠂ ᠨᠢᠭᠡ ᠬᠤᠨᠢ᠂ ᠨᠢᠭᠡ ᠦᠬᠡᠷ ︵ᠢᠮᠠᠭ᠎ᠠ︶ ᠪᠤᠰᠪᠠᠯ ᠳᠠᠷᠤᠢ ᠭᠤᠷᠪᠠᠨ ᠪᠡᠷᠬᠡ ᠭᠡᠨ᠎ᠡ᠃ ᠭᠤᠣᠯ ᠨᠢ ᠪᠠᠶᠠᠷ ᠨᠠᠶᠢᠷ ᠤᠨ ᠤᠴᠢᠷ ᠲᠤ ᠠᠵᠠ ᠬᠡᠢ ᠮᠣᠷᠢ ᠪᠠᠨ ᠪᠡᠯᠭᠡᠳᠡᠬᠦ ᠠᠭᠤᠯᠭ᠎ᠠ ᠲᠠᠢ ᠬᠡᠦᠬᠡᠳ ᠤᠨ ᠲᠤᠷᠭᠢᠯᠠᠬᠤ ᠲᠤᠭᠯᠠᠭᠠᠮ ᠪᠤᠯᠤᠨ᠎ᠠ᠃ ᠪᠦᠳᠦᠭᠦᠨ ᠬᠦᠮᠦᠰ ᠭᠤᠣᠯᠳᠠᠭᠤ ᠠᠵᠠ ᠶᠢᠨ ᠭᠤᠷᠪᠠ ᠭᠡᠵᠦ ᠨᠠᠭᠠᠳᠬᠤ ᠨᠢ ᠣᠯᠠᠨ᠃        ᠰᠦᠨᠢᠳ ᠤᠨ ᠱᠠᠭ᠎ᠠ ᠨᠠᠭᠠᠳᠤᠮ — ᠠᠵᠠ ᠶᠢᠨ ᠭᠠᠭᠴᠠ ᠬᠠᠶᠠᠬᠤᠡᠨᠡ ᠲᠤᠭᠯᠠᠭᠠᠮ ᠢ ᠬᠡᠳᠦᠢ ᠬᠦᠮᠦᠨ ᠤᠷᠤᠯᠴᠠᠵᠤ ᠨᠠᠭᠠᠳᠤᠭᠰᠠᠨ ᠴᠤ ᠪᠦᠷ ᠪᠤᠯᠳᠠᠭ᠃ ᠨᠢᠭᠡ ᠯᠡ ᠱᠠᠭ᠎ᠠ ᠪᠠᠷ ᠨᠠᠭᠠᠳᠬᠤ ᠲᠤᠭᠯᠠᠭᠠᠮ ᠶᠤᠮ᠃ ᠲᠤᠭᠯᠠᠭᠠᠮ ᠳᠤ ᠤᠷᠤᠯᠴᠠᠭᠰᠠᠨ ᠬᠦᠮᠦᠨ ᠨᠢ ᠨᠢᠭᠡ ᠱᠠᠭ᠎ᠠ ᠶᠢ ᠡᠭᠡᠯᠵᠢᠯᠡᠨ ᠬᠠᠶᠠᠵᠤ ᠂ ᠬᠡᠨ ᠤ ᠮᠣᠷᠢ ᠪᠤᠰᠪᠠᠯ ᠲᠡᠷᠡ ᠳᠠᠷᠤᠢ ᠠᠵᠠ ᠬᠡᠢ ᠮᠣᠷᠢ ᠲᠠᠢ ᠭᠡᠬᠦ ᠪᠦᠭᠡᠳ ᠬᠡᠨ ᠤ ᠬᠢᠨᠢ ᠮᠣᠷᠢ ᠨᠢ ᠡᠵᠡᠨ ᠤ ᠪᠠᠨ ᠦᠭᠡᠳᠡ ᠠᠴᠠ ᠬᠠᠷᠠᠵᠤ ᠪᠤᠰᠪᠠᠯ ᠵᠢᠩᠬᠢᠨᠢ ᠠᠵᠠ ᠶᠢᠨ ᠱᠦᠭᠦᠯᠲᠡ ᠪᠤᠯᠤᠨ᠎ᠠ᠃ᠡᠨᠡ ᠲᠤᠭᠯᠠᠭᠠᠮ ᠢ ᠭᠤᠣᠯ ᠨᠢ ᠪᠠᠶᠠᠷ ᠤᠨ ᠤᠴᠢᠷ ᠪᠣᠶᠤ ᠨᠠᠶᠢᠷ ᠵᠤᠭ᠎ᠠ ᠳᠤ ᠵᠤᠷᠢᠭᠤᠯᠵᠤ᠂ ᠠᠵᠠ ᠰᠤᠷᠬᠤ ᠪᠠᠷ ᠠᠭᠤᠯᠭ᠎ᠠ ᠪᠤᠯᠭᠠᠵᠤ ᠨᠠᠭᠠᠳᠬᠤ ᠨᠢ ᠠᠷᠪᠢᠨ ᠪᠠᠶᠢᠵᠤ᠂ ᠶᠡᠭᠡ ᠪᠠᠭ᠎ᠠ ᠬᠦᠮᠦᠨ ᠭᠡᠰᠡᠨ ᠦᠭᠡᠢ ᠪᠦᠷ ᠨᠠᠭᠠᠳᠳᠠᠭ᠃        ᠰᠦᠨᠢᠳ ᠤᠨ ᠱᠠᠭ᠎ᠠ ᠨᠠᠭᠠᠳᠤᠮ — ᠠᠳᠤᠭᠤ ᠬᠠᠷᠢᠭᠤᠯᠬᠤ        ᠠᠳᠤᠭᠤ ᠬᠠᠷᠢᠭᠤᠯᠬᠤ ᠲᠤᠭᠯᠠᠭᠠᠮ ᠪᠣᠯ ᠬᠡᠦᠭᠡᠳ ᠤᠨ ᠲᠤᠭᠯᠠᠭᠠᠮ ᠶᠤᠮ᠃ ᠤᠯᠠᠨ ᠬᠡᠦᠬᠡᠳ ᠤᠳ ᠤᠯᠠᠨ ᠱᠠᠭ᠎ᠠ ᠪᠠᠨ ᠡᠭᠡᠯᠵᠢᠯᠡᠨ ᠬᠠᠶᠠᠵᠤ᠂ ᠮᠣᠷᠢ ᠪᠤᠰᠪᠠᠯ ᠲᠠᠬᠢᠵᠤ ᠠᠪᠤᠭᠠᠳ ᠵᠡᠷᠭᠡᠴᠡᠭᠦᠯᠦᠨ ᠲᠠᠯᠪᠢᠵᠤ ᠠᠳᠤᠭᠤ ᠬᠠᠷᠢᠭᠤᠯᠵᠤ ᠪᠠᠶᠢᠨ᠎ᠠ ᠭᠡᠵᠦ ᠨᠠᠭᠠᠳᠤᠨ᠎ᠠ᠃ ᠬᠡᠨ ᠤ ᠬᠢᠨᠢ ᠬᠠᠷᠢᠭᠤᠯᠤᠵ ᠪᠠᠶᠢᠭ᠎ᠠ ᠠᠳᠤᠭᠤ ᠤᠯᠠᠨ ᠪᠣᠯ ᠤᠯᠠᠨ ᠠᠳᠤᠭᠤ ᠲᠠᠢ ᠭᠡᠵᠦ ᠬᠦᠭᠡᠷᠦᠯᠳᠦᠨ ᠨᠠᠭᠠᠳᠳᠠᠭ᠃ ᠬᠡᠦᠬᠡᠳ ᠤᠳ ᠦᠷᠭᠦᠯᠵᠢ ᠡᠨᠡ ᠨᠠᠭᠠᠳᠤᠮ ᠢ ᠨᠠᠭᠠᠳᠳᠠᠭ᠃        ᠰᠦᠨᠢᠳ ᠤᠨ ᠱᠠᠭ᠎ᠠ ᠨᠠᠭᠠᠳᠤᠮ — ᠠᠶᠢᠯ ᠪᠠᠭᠤᠬᠤ        ᠠᠶᠢᠯ ᠪᠠᠭᠤᠵᠤ ᠨᠠᠭᠠᠳᠬᠤ ᠪᠣᠯ ᠬᠡᠦᠬᠡᠳ ᠤᠨ ᠲᠤᠭᠯᠠᠭᠠᠮ ᠶᠤᠮ᠃ ᠨᠢᠭᠡ ᠠᠴᠠ ᠳᠡᠭᠡᠭᠰᠢ ᠬᠡᠳᠦᠢ ᠬᠦᠮᠦᠨ ᠴᠤ ᠤᠷᠤᠯᠴᠠᠵᠤ ᠪᠤᠯᠳᠠᠭ᠃ ᠤᠷᠢᠳ ᠢᠶᠠᠷ ᠬᠤᠶᠠᠷ ᠱᠠᠭ᠎ᠠ ᠭᠠᠷᠭᠠᠵᠤ ᠨᠠᠭᠠᠳᠤᠮ ᠳᠤ ᠤᠷᠤᠯᠴᠠᠬᠤ ᠬᠦᠮᠦᠨ ᠡᠭᠡᠯᠵᠢᠯᠡᠨ ᠬᠠᠶᠠᠵᠤ᠂ ᠬᠤᠶᠠᠷ ᠬᠤᠨᠢ ᠪᠤᠰᠤᠭᠰᠠᠨ ᠨᠢ ᠨᠢᠭᠡ ᠠᠶᠢᠯ ᠪᠣᠯᠵᠤ᠂ ᠬᠤᠶᠠᠷ ᠢᠮᠠᠭ᠎ᠠ ᠪᠣᠰᠤᠭᠰᠠᠨ ᠨᠢ ᠨᠢᠭᠡ ᠠᠶᠢᠯ ᠪᠣᠯᠵᠤ᠂ ᠬᠤᠶᠠᠷ ᠲᠡᠮᠡᠭᠡ ᠪᠠ ᠬᠤᠶᠠᠷ ᠮᠣᠷᠢ ᠪᠤᠰᠤᠭᠰᠠᠨ ᠨᠢ ᠲᠤᠰ ᠪᠦᠷᠢ ᠨᠢᠭᠡ ᠠᠶᠢᠯ ᠪᠤᠯᠤᠨ᠎ᠠ᠃ ᠢᠯᠭᠢᠭᠡᠳ ᠳᠦᠷᠪᠡᠨ ᠠᠶᠢᠯ ᠪᠤᠯᠵᠤ ᠱᠠᠭ᠎ᠠ ᠪᠠᠨ ᠨᠡᠶᠢᠯᠡᠭᠦᠯᠦᠨ ᠬᠠᠶᠠᠵᠤ ᠮᠣᠷᠢ ᠤᠷᠤᠯᠳᠤᠬᠤ ᠪᠤᠩ ᠴᠡᠭ ᠬᠠᠷᠪᠤᠵᠤ ᠨᠠᠭᠠᠳᠤᠨ᠎ᠠ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号