ᠰᠠᠶᠢᠬᠠᠠᠭᠤᠪᠢ ᠰᠣᠮᠣᠨ ᠤ ᠥᠷᠬᠡᠨᠬᠥ᠋ᠭᠵᠢᠯ ᠭᠠᠴᠠᠭ᠎ᠠ ᠳᠤ ᠬᠥᠳᠡᠭᠡ ᠳᠣᠰᠬᠤᠨ ᠮᠠᠯᠵᠢᠬᠤ ᠤᠷᠤᠨ ᠢ ᠬᠥᠭᠵᠢᠬᠦᠯᠥᠨ ᠮᠠᠨᠳᠣᠭᠤᠯᠬᠤ ᠪᠠᠶᠢᠯᠳᠣᠬᠤ ᠪᠤᠳᠣᠯᠭ᠎ᠠ ᠶᠢᠨ ᠳᠣᠰᠬᠠᠢ ᠰᠡᠳᠣᠪᠳᠣ ᠳᠠᠶᠢᠯᠤᠮᠵᠢ ᠵᠢᠴᠢ ᠨᠡᠬᠦᠳᠡᠯ ᠨᠠᠮ ᠤᠨ ᠰᠣᠷᠭᠠᠭᠤᠯᠢ ᠥᠨᠳᠣᠰᠣᠨ ᠱᠠᠳᠣᠨ ᠳᠤ ᠬᠢᠴᠢᠶᠡᠯᠯᠡᠬᠤ ᠠᠵᠢᠯ ᠥᠷᠨᠢᠬᠦᠯᠪᠡ
ᠨᠡᠶᠢᠲᠡᠯᠡᠭᠰᠡᠨ ᠴᠠᠭ᠄
2020/7/23
       7 ᠳ᠋ᠣᠭᠠᠷ ᠰᠠᠷ᠎ᠠ ᠶᠢᠨ 14 ᠤ ᠡᠳᠣᠷ᠂ ᠰᠠᠶᠢᠬᠠᠠᠭᠤᠪᠢ ᠰᠣᠮᠣᠨ ᠤ ᠥᠷᠬᠡᠨᠬᠥ᠋ᠭᠵᠢᠯ ᠭᠠᠴᠠᠭ᠎ᠠ ᠳᠤ ᠬᠤᠰᠢᠭᠤ ᠨᠠᠮ ᠤᠨ ᠬᠤᠷᠢᠶᠠᠨ ᠤ ᠨᠠᠮ ᠤᠨ ᠰᠣᠷᠭᠠᠭᠤᠯᠢ ᠪᠤᠯᠤᠨ ᠰᠠᠶᠢᠬᠠᠠᠭᠤᠪᠢ ᠰᠣᠮᠣᠨ ᠤ ᠥᠷᠬᠡᠨᠬᠥ᠋ᠭᠵᠢᠯ ᠭᠠᠴᠠᠭ᠎ᠠ ᠨᠢ ᠬᠥᠳᠡᠭᠡ ᠳᠣᠰᠬᠤᠨ ᠮᠠᠯᠵᠢᠬᠤ ᠤᠷᠤᠨ ᠢ ᠬᠥᠭᠵᠢᠬᠦᠯᠥᠨ ᠮᠠᠨᠳᠣᠭᠤᠯᠬᠤ ᠪᠠᠶᠢᠯᠳᠣᠬᠤ ᠪᠤᠳᠣᠯᠭ᠎ᠠ ᠶᠢᠨ ᠳᠣᠰᠬᠠᠢ ᠰᠡᠳᠣᠪᠳᠣ ᠳᠠᠶᠢᠯᠤᠮᠵᠢ ᠵᠢᠴᠢ ᠨᠡᠬᠦᠳᠡᠯ ᠨᠠᠮ ᠤᠨ ᠰᠣᠷᠭᠠᠭᠤᠯᠢ ᠥᠨᠳᠣᠰᠣᠨ ᠱᠠᠳᠣᠨ ᠳᠤ ᠬᠢᠴᠢᠶᠡᠯᠯᠡᠬᠤ ᠠᠵᠢᠯ ᠥᠷᠨᠢᠬᠦᠯᠵᠤ᠂ ᠬᠤᠰᠢᠭᠤ ᠨᠠᠮ ᠤᠨ ᠰᠤᠷᠭᠠᠭᠤᠯᠢ ᠶᠢᠨ ᠬᠠᠷᠢᠭᠤᠴᠠᠯᠭᠠᠳᠠᠨ᠂ ᠰᠠᠶᠢᠬᠠᠠᠭᠤᠪᠢ ᠰᠣᠮᠣᠨ ᠤ ᠣᠳᠣᠷᠢᠳᠣᠯᠭ᠎ᠠ᠂ ᠥᠷᠬᠡᠨᠬᠥ᠋ᠭᠵᠢᠯ ᠭᠠᠴᠠᠭᠠᠨ ᠤ ᠬᠤᠶᠠᠷ ᠵᠥᠪᠯᠡᠯ ᠤᠨ ᠪᠥᠷᠢᠯᠳᠥᠬᠦᠨ᠂ ᠨᠠᠮ ᠤᠨ ᠬᠡᠰᠢᠬᠦᠨ᠂ ᠮᠠᠯᠴᠢᠨ ᠤᠯᠠᠨ ᠬᠠᠮᠳᠣ ᠪᠠᠷ ᠰᠣᠷᠣᠯᠴᠠᠯᠭ᠎ᠠ ᠳᠤ ᠤᠷᠤᠯᠴᠠᠪᠠ᠃       ᠰᠣᠷᠣᠯᠴᠠᠯᠭ᠎ᠠ ᠳᠤ ᠥᠪᠤᠷ ᠮᠤᠩᠭᠤᠯ ᠤᠨ ᠳᠠᠷᠢᠶᠠᠯᠠᠩ ᠤᠨ ᠶᠡᠭᠡ ᠰᠣᠷᠭᠠᠭᠤᠯᠢ ᠶᠢᠨ ᠬᠤᠷᠴᠠ‌‍ᠫᠷᠤᠹᠧᠰᠰᠤᠷ  ᠢ ᠤᠨᠴᠠᠯᠠᠨ ᠤᠷᠢᠵᠤ᠂ ᠬᠥᠳᠡᠭᠡ ᠳᠣᠰᠬᠤᠨ ᠮᠠᠯᠵᠢᠬᠤ ᠤᠷᠤᠨ ᠢ ᠬᠥᠭᠵᠢᠬᠦᠯᠬᠦ ᠤᠷᠤᠨ ᠨᠤᠳᠤᠭ ᠤᠨ ᠬᠥᠭᠵᠢᠯᠳᠠ ᠶᠢ ᠠᠵᠤ ᠠᠬᠤᠢ ᠶᠢᠨ ᠬᠥᠭᠵᠢᠯᠳᠠ ᠶᠢᠨ ᠰᠢᠨ᠎ᠡ ᠬᠡᠪ ᠪᠠᠶᠢᠳᠠᠯ ᠳᠤ ᠵᠤᠬᠢᠴᠠᠭᠤᠯᠬᠤ ᠵᠡᠷᠬᠡ ᠠᠭᠤᠯᠭ᠎ᠠ ᠶᠢᠨ ᠳᠣᠭᠤᠶᠢᠨ ᠳᠤ ᠠᠮᠢᠳᠣᠯᠢᠭ ᠪᠤᠳᠠᠳᠠᠢ ᠳᠠᠶᠢᠯᠪᠤᠷᠢᠯᠠᠵᠤ ᠰᠢᠰᠲ᠋ᠧᠮ ᠲᠠᠢ ᠬᠢᠴᠢᠶᠡᠯᠯᠡᠭᠰᠡᠡ ᠪᠠᠶᠢᠨ᠎ᠠ᠃ ᠥᠢᠯᠠᠭᠠᠭᠰᠠᠨ ᠢᠶᠠᠷ᠂ ᠥᠨᠤ ᠵᠢᠯ ᠠᠴᠠ ᠡᠬᠢᠯᠡᠨ᠂ ᠬᠤᠰᠢᠭᠤ ᠨᠠᠮ ᠤᠨ ᠬᠤᠷᠢᠶᠠᠨ ᠤ ᠨᠠᠮ ᠤᠨ ᠰᠣᠷᠭᠠᠭᠤᠯᠢ ᠳᠤ ᠥᠨᠳᠣᠰᠣᠨ ᠱᠠᠳᠣᠨ ᠤ ᠨᠠᠮ ᠤᠨ ᠬᠡᠰᠢᠬᠦᠨ ᠤ ᠪᠤᠯᠪᠠᠰᠣᠷᠠᠯ ᠬᠥᠮᠥᠵᠢᠯ ᠤᠨ ᠰᠢᠨ᠎ᠡ ᠬᠡᠪ ᠵᠠᠭᠪᠤᠷ  ᠢ ᠡᠬᠢᠯᠡᠨ ᠬᠡᠷᠡᠭᠵᠢᠬᠦᠯᠵᠤ᠂ ᠨᠠᠮ ᠤᠨ ᠰᠣᠷᠭᠠᠭᠤᠯᠢ ᠶᠢᠨ ᠪᠠᠭᠰᠢ ᠠᠴᠠ ᠭᠠᠴᠠᠭ᠎ᠠ ᠱᠠᠳᠣᠨ ᠤ ᠨᠠᠮ ᠤᠨ ᠬᠡᠰᠢᠬᠦᠨ ᠺᠠᠳ᠋ᠷ ᠢ ᠪᠤᠯᠪᠠᠰᠣᠷᠠᠭᠤᠯᠬᠤ ᠡᠬᠦᠷᠬᠡ ᠶᠢ ᠬᠠᠷᠢᠭᠤᠴᠠᠵᠤ᠂ ᠳᠣᠭᠤᠷᠢᠨ ᠪᠤᠯᠪᠠᠰᠣᠷᠠᠭᠤᠯᠬᠤ ᠪᠤᠯᠤᠨ ᠤᠬᠠᠭᠤᠯᠤᠨ ᠳᠠᠶᠢᠯᠪᠤᠷᠢᠯᠠᠬᠤ ᠠᠷᠭ᠎ᠠ ᠪᠠᠷᠢᠯ ᠢᠶᠠᠷ ᠭᠠᠴᠠᠭ᠎ᠠ᠂ ᠨᠠᠮ ᠤᠨ ᠬᠡᠰᠢᠬᠦᠨ ᠤ ᠭᠤᠤᠯᠯᠠᠭᠴᠢ ᠡᠷᠥᠬᠡ᠂ ᠮᠠᠯᠴᠢᠨ ᠡᠷᠥᠬᠡ  ᠪᠠᠷ ᠬᠥᠨᠵᠡᠬᠡᠶᠢᠷᠡᠵᠤ᠂ ᠨᠠᠮ ᠤᠨ ᠤᠨᠤᠯ ᠤᠨ ᠮᠡᠳᠡᠯᠬᠡ ᠶᠢᠨ ᠰᠣᠷᠣᠯᠴᠠᠯᠭ᠎ᠠ ᠬᠥᠮᠥᠵᠢᠯ ᠤᠨ ᠵᠢᠭᠠᠨ ᠰᠣᠷᠭᠠᠬᠤ ᠠᠵᠢᠯ ᠢ ᠥᠷᠨᠢᠬᠦᠯᠵᠤ᠂ ᠤᠳᠣᠬᠠᠨ ᠪᠤᠯᠳᠠᠯ᠎ᠠ᠂ ᠨᠡᠬᠦᠳᠡᠯ ᠨᠠᠮ ᠤᠨ ᠰᠣᠷᠭᠠᠭᠤᠯᠢ ᠨᠢᠬᠡᠨᠳᠠ 23 ᠭᠠᠴᠠᠭ᠎ᠠ ᠳᠤ ᠰᠣᠷᠣᠯᠴᠠᠯᠭ᠎ᠠ ᠬᠥᠮᠥᠵᠢᠯ ᠤᠨ ᠠᠵᠢᠯᠯᠠᠭ᠎ᠠ ᠥᠷᠨᠢᠬᠦᠯᠵᠤ᠂1500 ᠨᠡᠷ᠎ᠡ ᠬᠥᠮᠥᠰ ᠲᠤ ᠪᠤᠯᠪᠠᠰᠤᠷᠠᠯ ᠬᠥᠷᠳᠡᠬᠡᠭᠰᠡᠨ ᠪᠠᠶᠢᠨ᠎ᠠ᠃ ᠳᠠᠷᠠᠭᠠᠴᠢ ᠶᠢᠨ ᠠᠯᠬᠤᠮ ᠳᠤ ᠪᠤᠳᠠᠳᠣ ᠰᠣᠷᠣᠯᠴᠠᠯᠭ᠎ᠠ ᠪᠤᠯᠪᠠᠰᠣᠷᠠᠯ ᠪᠤᠯᠤᠨ ᠰᠥᠯᠵᠢᠶᠡᠨ ᠤ ᠬᠢᠴᠢᠶᠡᠯ ᠢ ᠤᠶᠠᠯᠳᠣᠭᠤᠯᠬᠤ ᠠᠷᠭ᠎ᠠ ᠬᠡᠯᠪᠡᠷᠢ ᠪᠠᠷ ᠨᠡᠬᠦᠳᠡᠯ ᠨᠠᠮ ᠤᠨ ᠰᠣᠷᠭᠠᠭᠤᠯᠢ᠂ ᠥᠨᠳᠤᠰᠤᠨ ᠱᠠᠳᠣᠨ ᠳᠤ ᠬᠢᠴᠢᠶᠡᠯᠯᠡᠬᠤ ᠠᠵᠢᠯᠯᠠᠭ᠎ᠠ ᠶᠢ ᠪᠥᠳᠥᠮᠵᠢᠳᠠᠢ ᠠᠬᠢᠭᠤᠯᠬᠤ ᠪᠠᠷ ᠪᠠᠶᠢᠨ᠎ᠠ᠃
 
ᠢᠷᠡᠯᠲᠡ᠄ ᠰᠥᠨᠢᠳ ᠵᠡᠬᠦᠨ ᠬᠤᠰᠢᠭᠤᠨ ᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号