ᠵᠢᠮᠢᠰ ᠢᠶᠠᠷ ᠣᠷᠣᠢ ᠶᠢᠨ ᠬᠤᠭᠤᠯᠠ ᠪᠠᠨ ᠤᠷᠤᠭᠯᠠᠭᠤᠯᠪᠠᠯ ᠦᠨᠡᠬᠡᠷ ᠮᠠᠷᠢᠶ᠎ᠠ ᠰᠢᠭᠤᠷᠠᠭᠤᠯᠬᠤ | ᠵᠣᠷᠢᠯᠭ᠎ᠠ ᠳᠤ ᠪᠠᠨ ᠬᠦᠷᠴᠦ ᠴᠢᠳᠠᠨ᠎ᠠ ᠤᠤ︖ ᠣᠷᠣᠢ ᠶᠢᠨ ᠬᠤᠭᠤᠯᠠ ᠪᠠᠨ ᠵᠢᠮᠢᠰ ᠢᠶᠠᠷ ᠣᠷᠣᠯᠠᠭᠤᠯᠵᠤ ᠮᠠᠷᠢᠶ᠎ᠠ | ᠰᠢᠭᠤᠷᠠᠭᠤᠯᠬᠤ ᠨᠢ ᠦᠨᠡᠬᠡᠷ ᠨᠢᠭᠡᠨ ᠪᠤᠷᠤᠭᠤ ᠰᠣᠩᠭᠤᠯᠲᠠ ᠶᠤᠮ᠃ ᠡᠳᠦᠷ ᠪᠦᠷᠢ ᠭᠤᠷᠪᠠᠨ ᠡᠷᠢᠨ ᠤ | ᠬᠤᠭᠤᠯᠠ ᠪᠠᠨ ᠰᠠᠶᠢᠨ ᠢᠳᠡᠬᠦ ᠪᠤᠯ ᠡᠷᠡᠭᠦᠯ ᠡᠩᠭᠡ ᠶᠠᠪᠤᠬᠤ ᠶᠢᠨ ᠰᠠᠭᠤᠷᠢ ᠮᠥᠨ᠃ ᠭᠤᠣᠯ ᠬᠤᠭᠤᠯᠠ ᠪᠠᠨ ᠢᠳᠡᠬᠦ | ᠦᠭᠡᠢ ᠪᠠᠷ ᠮᠠᠷᠢᠶ᠎ᠠ ᠰᠢᠭᠤᠷᠠᠭᠤᠯᠬᠤ ᠨᠢ ᠵᠣᠬᠢᠰ ᠦᠭᠡᠢ᠂ ᠢᠳᠡᠰᠢᠨ ᠨᠣᠭᠤᠭ᠎ᠠ ᠭᠤᠣᠯ ᠬᠤᠭᠤᠯᠠ ᠶᠢ ᠤᠷᠤᠯᠠᠵᠤ | ᠴᠢᠳᠠᠬᠤ ᠦᠭᠡᠢ᠂ ᠵᠢᠮᠢᠰ ᠨᠢ ᠴᠦ ᠭᠤᠤᠯ ᠬᠤᠭᠤᠯᠠ ᠶᠢ ᠣᠷᠣᠯᠠᠵᠤ ᠳᠡᠶᠢᠯᠬᠦ ᠦᠭᠡᠢ ᠶᠤᠮ᠃ ᠵᠢᠮᠢᠰ ᠨᠢ ᠵᠥᠪᠬᠡᠨ | ᠴᠠᠭ ᠤᠨ ᠬᠤᠭᠤᠯᠠᠨ ᠠᠴᠠ ᠭᠠᠳᠠᠨᠠᠬᠢ ᠨᠥᠬᠦᠪᠥᠷᠢ ᠪᠤᠯᠳᠠᠭ᠃ ᠤᠭᠤᠷᠠᠭ᠂ ᠥᠭᠡᠬᠦ᠂ ᠤᠰᠤᠨ ᠤ ᠨᠢᠭᠡᠳᠪᠦᠷᠢ ᠪᠣᠯ | ᠬᠥᠮᠦᠨ ᠤ ᠪᠡᠶ᠎ᠡ ᠳᠤ ᠱᠠᠭᠠᠷᠳᠠᠭᠳᠠᠬᠤ ᠬᠡᠮᠵᠢᠶ᠎ᠡ ᠨᠢ ᠬᠠᠮᠤᠭ ᠤᠨ ᠶᠡᠭᠡ ᠭᠤᠷᠪᠠᠨ ᠵᠦᠢᠯ ᠤᠨ ᠰᠢᠮ᠎ᠡ ᠲᠡᠵᠢᠭᠡᠯᠲᠦ | ᠡᠳ᠋ ᠪᠠᠶᠢᠵᠤ᠂ ᠬᠥᠮᠦᠨ ᠤ ᠪᠡᠶ᠎ᠡ ᠶᠢᠨ ᠡᠷᠬᠡᠪᠰᠢ ᠬᠡᠷᠡᠭᠰᠡᠬᠦ ᠰᠢᠮ᠎ᠡ ᠲᠡᠵᠢᠭᠡᠯᠲᠦ ᠡᠳ᠋ ᠪᠥᠭᠡᠳ ᠴᠢᠬᠤᠯᠠ | ᠹᠢᠽᠢᠦᠯᠤᠭᠢ ᠶᠢᠨ ᠦᠢᠯᠡᠳᠦᠯ ᠦᠵᠡᠭᠦᠯᠵᠦ ᠪᠠᠶᠢᠳᠠᠭ᠃ ᠵᠢᠮᠢᠰ ᠤᠨ ᠳᠣᠲᠣᠷ᠎ᠠ ᠤᠰᠤ ᠠᠷᠪᠢᠨ ᠠᠭᠤᠯᠤᠭᠳᠠᠵᠤ᠂ | ᠶᠡᠷᠦ ᠳᠤ ᠪᠠᠨ ᠰᠢᠬᠢᠷ ᠴᠤ ᠴᠥᠭᠡᠨ ᠪᠤᠰᠤ ᠪᠠᠶᠢᠳᠠᠭ᠂ ᠭᠡᠪᠡᠴᠦ ᠤᠭᠤᠷᠠᠭ ᠲᠤᠩ ᠴᠥᠭᠡᠨ ᠪᠥᠭᠡᠳ ᠬᠥᠮᠦᠨ ᠤ | ᠪᠡᠶ᠎ᠡ ᠳᠤ ᠳᠤᠲᠠᠭᠳᠠᠵᠤ ᠪᠣᠯᠤᠰᠢ ᠦᠭᠡᠢ ᠪᠠᠶᠢᠳᠠᠭ ᠥᠭᠡᠬᠦᠨ ᠬᠦᠴᠢᠯ ᠪᠠᠷᠤᠭ ᠠᠭᠤᠯᠤᠭᠳᠠᠬᠤ ᠦᠭᠡᠢ ᠪᠠᠶᠢᠳᠠᠭ᠂ | ᠵᠥᠪᠬᠡᠨ ᠵᠢᠮᠢᠰ ᠢᠳᠡᠬᠦ ᠨᠢ ᠬᠥᠮᠦᠨ ᠤ ᠪᠡᠶ᠎ᠡ ᠶᠢᠨ ᠬᠤᠷᠸ᠎ᠠ ᠰᠢᠮ᠎ᠡ ᠲᠡᠵᠢᠭᠡᠯ ᠤᠨ ᠬᠡᠷᠡᠭᠴᠡᠭᠡ ᠶᠢ ᠬᠠᠩᠭᠠᠬᠤ ᠳᠤ | ᠬᠤᠯᠠ ᠬᠦᠷᠦᠯᠴᠡᠬᠦ ᠦᠭᠡᠢ ᠶᠤᠮ᠃ ᠲᠡᠶᠢᠮᠦ ᠠᠴᠠ ᠵᠢᠮᠢᠰ ᠢ ᠢᠳᠡᠬᠦ ᠦᠭᠡᠢ ᠪᠣᠯ ᠪᠣᠯᠬᠤ ᠦᠭᠡᠢ ᠂ ᠳᠤᠲᠠᠭᠤ | ᠢᠳᠡᠪᠡᠴᠦ ᠪᠣᠯᠬᠤ ᠦᠭᠡᠢ ᠂ ᠢᠯᠡᠭᠦᠦ ᠢᠳᠡᠪᠡᠴᠦ ᠪᠣᠯᠬᠤ ᠦᠭᠡᠢ ᠪᠠᠶᠢᠳᠠᠭ ᠃ ᠵᠢᠮᠢᠰ ᠢᠶᠠᠷ ᠴᠠᠭ ᠤᠨ ᠬᠤᠭᠤᠯᠠ ᠶᠢ | ᠣᠷᠣᠯᠠᠭᠤᠯᠵᠤ ᠪᠣᠯᠬᠤ ᠦᠭᠡᠢ ᠂ ᠵᠢᠮᠢᠰ ᠢᠯᠡᠭᠦᠦ ᠢᠳᠡᠵᠦ ᠂ ᠴᠠᠭ ᠤᠨ ᠬᠤᠭᠤᠯᠠ ᠪᠠᠨ ᠪᠠᠭ᠎ᠠ ᠢᠳᠡᠬᠦ ᠠᠷᠭ᠎ᠠ | ᠮᠠᠶ᠋ᠢᠭ ᠢᠶᠠᠷ ᠮᠠᠷᠢᠶ᠎ᠠ ᠰᠢᠭᠤᠷᠠᠭᠤᠯᠬᠤ ᠨᠢ ᠨᠡᠩ ᠴᠤ ᠪᠣᠯᠬᠤ ᠦᠭᠡᠢ ᠬᠢᠳᠡᠯ ᠃ ᠵᠢᠮᠢᠰ ᠨᠢ ᠰᠢᠬᠢᠷᠯᠢᠭ ᠠᠮᠲᠠᠲᠠᠶ | ᠪᠤᠯᠬᠤᠷ ᠬᠥᠮᠦᠰ ᠠᠮᠠᠷᠬᠠᠨ ᠬᠡᠲᠦᠷᠡᠲᠡᠯ᠎ᠡ ᠢᠳᠡᠵᠦ ᠂ ᠰᠠᠨᠠᠮᠰᠠᠷ ᠦᠭᠡᠢ ᠪᠠᠷ ᠰᠢᠬᠢᠷ ᠢ ᠳᠡᠩᠳᠡᠭᠦᠦ ᠠᠷᠪᠢᠨ ᠢᠳᠡᠬᠦ ᠳᠤ | ᠬᠦᠷᠴᠦ ᠂ ᠮᠠᠷᠢᠶ᠎ᠠ ᠰᠢᠭᠤᠷᠠᠭᠤᠯᠬᠤ ᠭᠡᠳ ᠭᠡᠳᠡᠷᠭᠦ ᠪᠠᠨ ᠮᠠᠷᠢᠶᠠᠯᠠᠵᠤ ᠮᠡᠳᠡᠨ᠎ᠠ ᠂ ᠡᠭᠦᠨ ᠤ ᠬᠠᠮᠲᠤ ᠪᠠᠰᠠ ᠰᠢᠮ᠎ᠡ | ᠲᠡᠵᠢᠭᠡᠯ ᠲᠡᠩᠴᠡᠭᠦᠷᠢ ᠦᠭᠡᠶ ᠠᠰᠠᠭᠤᠳᠠᠯ ᠭᠠᠷᠴᠤ ᠮᠡᠳᠡᠨ᠎ᠡ ᠃ ᠵᠢᠮᠢᠰ ᠢᠳᠡᠵᠦ ᠮᠠᠷᠢᠶ᠎ᠠ ᠰᠢᠭᠤᠷᠠᠭᠤᠯᠬᠤ ᠪᠤᠯ ᠨᠢᠭᠡᠨ | ᠶᠡᠭᠡ ᠪᠤᠷᠤᠭᠤ ᠣᠢᠢᠯᠠᠭᠠᠯᠲᠠ ᠶᠤᠮ ᠃ | |