ᠣᠶᠢᠷ᠎ᠠ ᠳᠤ᠂ ᠨᠢᠭᠡᠨ ᠰᠢᠨ᠎ᠡ ᠰᠤᠳᠤᠯᠭᠠᠨ ᠢᠶᠠᠷ ᠢᠯᠡᠷᠡᠭᠦᠯᠦᠭᠰᠡᠨ ᠢᠶᠠᠷ᠂ ᠴᠠᠬᠢᠮ ᠳᠡᠯᠭᠡᠴᠡ ᠬᠠᠷᠠᠵᠤ | ᠰᠠᠭᠤᠬᠤ ᠴᠠᠭ ᠨᠢ ᠬᠡᠲᠦ ᠤᠷᠲᠤ ᠪᠣᠯᠪᠠᠯ ᠬᠡᠦᠬᠡᠳ ᠤᠨ ᠦᠭᠡ ᠬᠡᠯᠡ ᠪᠠ ᠥᠪᠡᠷ ᠢ ᠪᠠᠨ ᠵᠤᠬᠢᠴᠠᠭᠤᠯᠬᠤ | ᠲᠠᠯ᠎ᠠ ᠪᠠᠷ ᠬᠢ ᠴᠢᠳᠠᠪᠤᠷᠢ ᠶᠢ ᠪᠠᠭᠤᠷᠠᠭᠤᠯᠵᠤ ᠮᠡᠳᠡᠨ᠎ᠡ ᠬᠡᠪᠡ᠃ 3 ~ 5 ᠨᠠᠰᠤᠨ ᠤ 47 ᠬᠡᠦᠬᠡᠳ ᠲᠤ | ᠲᠤᠷᠰᠢᠯᠳᠠ ᠬᠢᠭᠰᠡᠨ ᠳ᠋ᠦᠩ ᠠᠴᠠ ᠦᠵᠡᠪᠡᠯ᠂ ᠡᠳᠦᠷ ᠪᠦᠷᠢ ᠺᠣᠮᠫᠢᠦ᠋ᠲ᠋ᠧᠷ᠂ ᠲᠧᠯᠸᠢᠰ ᠪᠠ ᠭᠠᠷ ᠤᠲᠠᠰᠤ ᠵᠡᠷᠭᠡ | ᠴᠠᠬᠢᠮ ᠳᠡᠯᠭᠡᠴᠡ ᠶᠢ ᠴᠠᠭ ᠬᠡᠲᠦᠷᠡᠳᠡᠯ᠎ᠡ ᠦᠵᠡᠭᠰᠡᠨ ᠬᠡᠦᠬᠡᠳ ᠤᠨ ᠲᠠᠷᠢᠬᠢᠨ ᠤ ᠴᠠᠭᠠᠨ ᠡᠳ᠋ ︵ᠦᠭᠡ ᠬᠡᠯᠡ᠂ | ᠤᠩᠰᠢᠵᠤ ᠪᠢᠴᠢᠬᠦ ᠵᠢᠴᠢ ᠲᠠᠨᠢᠨ ᠮᠡᠳᠡᠬᠦᠢ ᠶᠢᠨ ᠴᠢᠳᠠᠪᠤᠷᠢ ᠶᠢ ᠨᠥᠯᠥᠭᠡᠯᠡᠬᠦ ᠪᠣᠳᠠᠰ︶ ᠤᠨ ᠪᠤᠶᠢᠵᠢᠯᠲᠠ ᠨᠢ ᠴᠠᠬᠢᠮ | ᠲᠡᠯᠭᠡᠴᠡ ᠤᠳᠠᠭᠠᠨ ᠦᠵᠡᠭᠰᠡᠨ ᠦᠭᠡᠢ ᠬᠡᠦᠬᠡᠳ ᠤᠨ ᠬᠢ ᠠᠴᠠ ᠢᠯᠡᠷᠬᠡᠶ ᠳᠣᠤᠷ᠎ᠠ ᠪᠠᠶᠢᠳᠠᠭ᠃ ᠰᠤᠳᠤᠯᠭᠠᠨ ᠠᠴᠠ | ᠦᠵᠡᠪᠡᠯ᠂ ᠺᠣᠮᠫᠢᠦ᠋ᠲ᠋ᠧᠷ᠂ ᠲᠧᠯᠸᠢᠰ ᠪᠠ ᠭᠠᠷ ᠤᠲᠠᠰᠤ ᠵᠡᠷᠭᠡ ᠴᠠᠬᠢᠮ ᠳᠡᠯᠭᠡᠴᠡ ᠶᠢ ᠤᠷᠲᠤ ᠴᠠᠭ ᠢᠶᠠᠷ | ᠦᠵᠡᠬᠦ ᠨᠢ ᠬᠡᠦᠬᠡᠳ ᠤᠨ ᠠᠩᠬᠠᠷᠤᠯ ᠲᠥᠪᠯᠡᠷᠡᠬᠦ ᠥᠬᠡᠶ᠂ ᠮᠠᠭᠤ ᠳᠠᠳᠬᠠᠯ ᠪᠠ ᠦᠢᠯᠡ ᠠᠵᠢᠯᠯᠠᠭ᠎ᠠ ᠶᠢᠨ | ᠠᠰᠠᠭᠤᠳᠠᠯ ᠲᠠᠢ ᠬᠤᠯᠪᠣᠭ᠎ᠠ ᠲᠠᠢ ᠪᠠᠶᠢᠳᠠᠭ᠃ ᠳᠡᠯᠭᠡᠴᠡ ᠦᠵᠡᠬᠦ ᠴᠠᠭ ᠨᠢ ᠬᠡᠲᠦᠷᠬᠡᠢ ᠤᠷᠲᠤ ᠪᠣᠯᠬᠤ ᠠᠴᠠ | ᠬᠡᠦᠬᠡᠳ ᠤᠨ ᠦᠭᠡ ᠬᠡᠯᠡᠨ ᠤ ᠪᠤᠶᠢᠵᠢᠯᠲᠠ ᠤᠳᠠᠭᠠᠰᠢᠷᠡᠬᠤ ᠮᠦᠷᠳᠡᠬᠡᠨ ᠡᠴᠢᠭᠡ ᠡᠬᠡ ᠶᠢᠨ ᠢᠶᠠᠨ ᠬᠤᠭᠤᠷᠤᠨᠳᠤᠬᠢ | ᠬᠠᠷᠢᠯᠴᠠᠭ᠎ᠠ ᠬᠤᠯᠪᠤᠭ᠎ᠠ ᠴᠤ ᠪᠠᠭᠠᠰᠤᠨ᠎ᠠ᠃ ᠡᠶᠢᠮᠦ ᠠᠴᠠ ᠬᠡᠷ ᠤᠨ ᠠᠬᠠᠮᠡᠳ 18 ᠰᠠᠷ᠎ᠠ ᠪᠣᠯᠣᠭᠠᠳᠤᠢ ᠨᠢᠯᠬ᠎ᠠ | ᠬᠡᠦᠬᠡᠳ ᠤᠨ ᠴᠠᠬᠢᠮ ᠪᠦᠲᠦᠭᠡᠭᠳᠡᠬᠦᠨ ᠬᠡᠷᠡᠭᠯᠡᠬᠦ ᠠᠴᠠ ᠵᠠᠶᠢᠯᠠᠰᠬᠢᠬᠦ ᠬᠡᠷᠡᠭᠲᠡᠶ᠂ 2 ~ 5 ᠨᠠᠰᠤᠨ ᠤ ᠬᠡᠦᠬᠡᠳ ᠤᠨ | ᠴᠠᠬᠢᠮ ᠳᠡᠯᠭᠡᠴᠡ ᠦᠵᠡᠬᠦ ᠴᠠᠭ ᠢ ᠨᠢ ᠴᠤ ᠪᠤᠭᠤᠨᠢᠰᠬᠠᠬᠤ ᠬᠡᠷᠡᠭᠲᠡᠢ᠃ ᠡᠭᠦᠨ ᠤ ᠬᠠᠮᠲᠤ᠂ ᠬᠡᠷ ᠤᠨ ᠠᠬᠠᠮᠡᠳ ᠠᠴᠠ | ᠪᠠᠰᠠ ᠬᠡᠦᠬᠡᠳ ᠤᠨ ᠣᠷᠣᠢ ᠶᠢᠨ ᠬᠤᠭᠤᠯᠠ ᠢᠳᠡᠬᠦ ᠦᠶ᠎ᠡ ᠪᠤᠶᠤ ᠤᠨᠲᠠᠬᠤ ᠦᠶ᠎ᠡ ᠳᠤ ᠪᠠᠨ ᠴᠠᠬᠢᠮ | ᠪᠦᠲᠦᠭᠡᠭᠳᠡᠬᠦᠨ ᠬᠡᠷᠡᠭᠯᠡᠵᠦ ᠪᠣᠯᠬᠤ ᠦᠭᠡᠢ ᠶᠢ ᠮᠡᠳᠡᠭᠦᠯᠵᠦ ᠰᠤᠷᠭᠠᠬᠤ ᠬᠡᠷᠡᠭᠲᠡᠢ ᠬᠡᠵᠤ ᠰᠠᠨᠠᠭᠤᠯᠵᠤ ᠪᠠᠶᠢᠨ᠎ᠠ᠃ |