ᠠᠮᠤᠷ ᠪᠠᠶ᠋ᠰᠬᠤᠯᠠᠩ ᠨᠠᠭᠠᠳᠬᠤ
ᠨᠡᠶᠢᠲᠡᠯᠡᠭᠰᠡᠨ ᠴᠠᠭ᠄
2022/12/12
       ᠲᠤᠰ ᠲᠤᠭᠯᠠᠭᠠᠮ ᠢ ᠪᠠᠰᠠ ᠡᠷᠳᠡᠨᠢ ᠶᠢᠨ ᠰᠠᠩ ᠨᠠᠭᠠᠳᠣᠮ ᠭᠡᠳᠡᠭ᠃ ᠡᠷᠳᠡᠨᠢ ᠶᠢᠨ ᠰᠠᠩ ᠪᠤᠯ ᠮᠤᠩᠭᠤᠯᠴᠤᠳ ᠤᠨ ᠡᠷᠲᠡᠨ ᠠᠴᠠ ᠤᠯᠠᠮᠵᠢᠯᠠᠯ ᠲᠠᠢ ᠤᠶᠤᠨ ᠤ ᠲᠤᠭᠯᠠᠭᠠᠮ ᠶᠤᠮ᠃        ᠡᠷᠳᠡᠨᠢ ᠶᠢᠨ ᠰᠠᠩ ᠨᠠᠭᠠᠳᠤᠮ ᠪᠤᠯ ᠠᠷᠪᠠᠨ ᠬᠤᠶᠠᠷ ᠵᠤᠶᠢᠯ ᠤᠨ ᠠᠮᠢᠲᠠᠨ ᠤ ᠳᠦᠷᠰᠦ ᠪᠠᠷ ᠪᠦᠷᠢᠯᠳᠦᠭᠰᠡᠨ ᠲᠤᠰ ᠪᠦᠷᠢ ᠳᠦᠷᠪᠡᠨ ᠢᠵᠢᠯᠢ᠂ ᠨᠡᠶᠢᠲᠡ ᠳᠦᠴᠢᠨ ᠨᠠᠢᠮᠠᠨ ᠰᠢᠷᠬᠡᠭ ᠮᠤᠳᠤᠨ ᠲᠤᠭᠯᠠᠭᠠᠮ ᠪᠤᠯᠤᠨ᠎ᠠ᠃ ᠡᠨᠡ ᠲᠤᠭᠯᠠᠭᠠᠮ ᠢ ᠽᠠᠨᠳᠠᠨ ᠮᠤᠳᠤ᠂ ᠰᠤᠮᠤᠨ ᠮᠤᠳᠤ᠂ ᠶᠠᠰᠢᠯ᠂ ᠬᠤᠰᠤ᠂ ᠬᠠᠶᠢᠯᠠᠰᠤ ᠵᠡᠷᠭᠡ ᠶᠢᠨ ᠰᠠᠶᠢᠨ ᠮᠤᠳᠤ ᠪᠠᠷ ᠬᠠᠰ᠂ ᠬᠠᠨ ᠭᠠᠷᠤᠳᠢ᠂ ᠪᠠᠷᠰ᠂ ᠯᠤᠤ᠂ ᠨᠤᠷᠪᠤ᠂ ᠮᠤᠷᠢ᠂ ᠵᠠᠩᠽᠧᠩ᠂ ᠦᠯᠵᠡᠢ ᠤᠲᠠᠰᠤ᠂ ᠳᠤᠩ᠂ ᠰᠢᠪᠠᠭᠤ᠂ ᠨᠤᠬᠠᠢ᠂ ᠭᠠᠭ᠋ᠠᠢ ᠶᠢᠨ ᠳᠦᠷᠰᠦ ᠶᠢ ᠰᠡᠶᠢᠯᠵᠤ ᠬᠢᠳᠡᠭ᠃ ᠰᠡᠶᠢᠯᠪᠤᠷᠢ ᠨᠢ ᠮᠠᠰᠢ ᠤᠷᠠᠯᠢᠭ ᠭᠤᠶᠤ ᠪᠦᠬᠡᠳ ᠦᠩᠭᠡ ᠦᠩᠭᠡ ᠶᠢᠨ ᠪᠤᠳᠤᠭ ᠤᠷᠤᠭᠤᠯᠵᠤ ᠭᠤᠶᠤ ᠰᠠᠶᠢᠬᠠᠨ ᠶᠠᠩᠵᠤᠲᠠᠢ ᠬᠢᠬᠦ ᠪᠤᠢ᠃ ᠨᠠᠭᠠᠳᠬᠤ ᠠᠷᠭ᠎ᠠ ᠨᠢ ᠭᠡᠪᠡᠯ ᠬᠠᠰ ᠨᠢ ᠪᠤᠯ ᠪᠦᠬᠦᠳᠡ ᠮᠤᠳᠤ ᠶᠢ ᠲᠠᠶᠢᠯᠤᠨ᠎ᠠ᠃ ᠬᠠᠰ ᠨᠢ ᠬᠠᠨ ᠭᠠᠷᠤᠳᠢ ᠶᠢ ᠲᠠᠶᠢᠯᠵᠤ᠂ ᠬᠠᠨ ᠭᠠᠷᠤᠳᠢ ᠨᠢ ᠪᠠᠷᠰ ᠢ ᠲᠠᠶᠢᠯᠵᠤ᠂ ᠪᠠᠷᠰ ᠨᠢ ᠯᠤᠤ ᠶᠢ ᠳᠡᠶᠢᠯᠬᠦ ᠬᠡᠬᠦ ᠮᠡᠲᠤ ᠪᠠᠷ ᠳᠡᠰ ᠳᠠᠷᠠᠭᠠᠯᠠᠨ ᠨᠢᠬᠡ ᠨᠢᠬᠡ ᠪᠠᠨ ᠳᠡᠶᠢᠯᠵᠤ᠂ ᠭᠡᠷ ᠪᠠᠷᠢᠵᠤ ᠲᠤᠭᠯᠠᠳᠠᠭ᠃        ᠡᠷᠳᠡᠨᠢ ᠶᠢᠨ ᠰᠠᠩ ᠨᠠᠭᠠᠳᠤᠮ ᠢ ᠳᠦᠷᠪᠡᠨ ᠬᠦᠮᠦᠨ ᠲᠤᠭᠯᠠᠬᠤ ᠪᠦᠭᠡᠳ ᠬᠤᠶᠠᠷ ᠬᠦᠮᠦᠨ ᠴᠦ ᠲᠤᠭᠯᠠᠵᠤ ᠪᠤᠯᠤᠨ᠎ᠠ᠃ ᠶᠡᠭᠡ ᠲᠦᠯᠦᠪ ᠲᠡᠭᠡᠨ ᠲᠠᠯᠤᠤ ᠲᠤᠭᠯᠠᠭᠠᠮ ᠲᠠᠢ ᠢᠵᠢᠯᠢ ᠪᠠᠶᠢᠳᠠᠭ᠃ ᠦᠩᠭᠡᠷᠡᠭᠰᠡᠨ ᠳᠤ ᠡᠷᠳᠡᠨᠢ ᠶᠢᠨ ᠰᠠᠩ ᠨᠠᠭᠠᠳᠤᠮ ᠢ ᠨᠡᠯᠢᠶᠡᠳ ᠲᠦᠭᠡᠮᠡᠯ ᠲᠤᠭᠯᠠᠵᠤ ᠪᠠᠶᠢᠪᠠ᠃ ᠭᠡᠪᠡᠴᠤ ᠤᠳᠤ ᠡᠷᠳᠡᠨᠢ ᠶᠢᠨ ᠰᠠᠩ ᠨᠠᠭᠠᠳᠤᠮ ᠭᠡᠭᠦ ᠲᠤᠭᠯᠠᠭᠠᠮ ᠶᠡᠭᠡ ᠬᠤᠪᠤᠷᠳᠠᠵᠤ ᠦᠨᠳᠦᠰᠦᠨ ᠳᠡᠭᠡᠨ ᠦᠵᠡᠭᠳᠡᠬᠦ ᠦᠬᠡᠢ ᠪᠤᠯᠵᠠᠢ᠃
 
ᠢᠷᠡᠯᠲᠡ᠄ ᠬᠤᠰᠢᠭᠤ ᠵᠠᠰᠠᠭ ᠤᠨ ᠤᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号